ᠬᠠᠪᠤᠷ ᠤ᠋ᠨ ᠡᠳᠦᠷ Хаврын өдөр
ᠬᠠᠪᠤᠷ ᠤ᠋ᠨ ᠡᠳᠦᠷ
ᠬᠠᠪᠤᠷ ᠤ᠋ᠨ ᠤᠯᠠᠷᠢᠯ ᠬᠠᠢᠯ ᠤ᠋ᠨ ᠤᠰᠤᠨ ᠭᠣᠷᠣᠬ᠎ᠠ ᠪᠣᠯᠤᠨ ᠤᠷᠤᠰᠴᠤ
ᠬᠠᠯᠢᠨ ᠳᠡᠭᠦᠯᠢᠬᠦ ᠨᠤᠭᠤᠰᠤ ᠭᠠᠯᠠᠭᠤ ᠴᠢᠮᠡᠭ ᠪᠣᠯᠤᠨ ᠡᠷᠭᠢᠯᠳᠦᠪᠡ
ᠬᠠᠨᠠᠭᠠᠷ ᠲᠠᠯ᠎ᠠ ᠶ᠋ᠢᠨ ᠤᠳᠠ ᠤᠯᠢᠶᠠᠰᠤ ᠬᠥᠬᠡ ᠰᠣᠶᠣᠭ᠎ᠠ ᠨᠠᠬᠢᠶᠠᠯᠠᠵᠤ
ᠬᠣᠯᠠ ᠶ᠋ᠢᠨ ᠪᠠᠷ᠎ᠠ ᠬᠦᠳᠡᠩ ᠮᠠᠨᠠᠨ ᠬᠥᠰᠢᠭᠡ ᠪᠣᠯᠤᠨ ᠪᠥᠷᠲᠥᠯᠵᠡᠪᠡ
ᠡᠳᠦᠷ ᠦ᠋ᠨ ᠰᠠᠢᠬᠠᠨ ᠡᠶᠡᠪᠡᠷᠭᠦᠦ ᠲᠤᠩᠭᠠᠯᠠᠭ ᠲᠤ ᠰᠡᠳᠬᠢᠯ ᠰᠠᠨᠠᠭ᠎ᠠ ᠬᠥᠭᠰᠡᠵᠦ
ᠦᠳᠡᠯᠦᠭᠡ ᠨᠠᠰᠤᠨ ᠢ᠋ᠶ᠋ᠠᠨ ᠤᠮᠠᠷᠲᠠᠨ ᠮᠠᠷᠲᠠᠵᠤ ᠢᠳᠡᠷ ᠵᠠᠯᠠᠭᠤᠰ ᠮᠡᠲᠦ ᠪᠣᠳᠣᠭᠳᠠᠪᠠ
ᠣᠭᠲᠠᠷᠭᠤᠢ ᠳ᠋ᠤ᠌ ᠬᠥᠪᠦᠯᠵᠡᠬᠦ ᠬᠥᠪᠥᠩ ᠡᠭᠦᠯᠡᠰ ᠲᠤ ᠠᠲᠠᠭᠠᠷᠬᠠᠯ ᠤ᠋ᠨ ᠰᠡᠳᠬᠢᠯ ᠲᠥᠷᠥᠭᠳᠡᠵᠦ
ᠣᠮᠣᠭ ᠵᠣᠷᠢᠭ ᠭᠡᠨᠡᠳᠲᠡ ᠪᠠᠳᠠᠷᠠᠨ ᠲᠠᠢᠱᠠᠨ ᠠᠭᠤᠯᠠ ᠶ᠋ᠢ ᠨᠢᠳᠤᠷᠭᠠᠳᠠᠪᠠ
ᠴᠠᠭ ᠤᠯᠠᠷᠢᠯ ᠤ᠋ᠨ ᠲᠦᠷᠭᠡᠨ ᠳ᠋ᠦ᠍ ᠬᠦᠢᠲᠡᠨ ᠰᠠᠯᠬᠢᠨ᠎ᠠ ᠵᠢᠬᠡᠭᠦᠴᠡᠵᠦ
ᠴᠢᠨᠳᠠᠮᠤᠨᠢ ᠡᠷᠳᠡᠨᠢᠰ ᠮᠡᠲᠦ ᠬᠡᠯᠡ ᠠᠮᠠ ᠳᠣᠭᠰᠢᠨ ᠰᠢᠭᠤᠷᠭᠠᠨ ᠳ᠋ᠤ᠌ ᠰᠢᠷᠠᠭᠳᠠᠪᠠ
ᠴᠢᠳᠠᠯ ᠮᠡᠬᠦᠰ ᠡᠷᠳᠡᠮ ᠳᠤᠲᠠᠮᠠᠭ ᠠᠭᠤᠯᠠᠨ ᠢ᠋ ᠨᠢᠳᠤᠷᠭᠠᠳᠠᠨ ᠭᠡᠮᠲᠦᠵᠦ
ᠴᠢᠰᠤ ᠨᠥᠵᠢ ᠲᠡᠢ ᠬᠤᠭᠤᠷᠬᠠᠢ ᠭᠠᠷ ᠵᠢᠷᠦᠬᠡᠨ᠎ᠡ ᠣᠷᠣᠲᠠᠯ᠎ᠠ
ᠡᠮᠵᠡᠭᠯᠡᠪᠡ
2024·3·13
ᠲᠦᠰᠢᠶᠡᠲᠦ ᠨᠤᠲᠤᠭ ᠲᠠᠢ
ᠰᠣᠯᠢᠶᠠᠲᠤ ᠰᠢᠯᠦᠭᠴᠢᠨ
ᠣᠯᠬᠣᠨᠣᠳ ᠠᠶᠤᠰᠢ ᠬᠢᠨᠠᠵᠤ ᠠᠮᠢᠯᠠᠭᠤᠯᠪᠠ
