ᠨᠢᠭᠡ ᠠᠩᠭᠢ ᠶ᠋ᠢᠨ ᠬᠢᠨНэг ангийнхан
ᠨᠢᠭᠡ ᠠᠩᠭᠢ ᠶ᠋ᠢᠨ ᠬᠢᠨ
ᠦᠭᠡ᠄ ᠰᠠᠷᠠᠨᠴᠢᠮᠡᠭ
ᠠᠶ᠎ᠠ᠄ ᠶ᠋ᠢᠨ ᠵᠣᠷᠢᠬᠲᠤᠬᠦᠦ
MIDI ᠬᠥᠭᠵᠢᠮ᠄ ᠬᠠᠰᠡᠷᠳᠡᠨᠢ
ᠵᠢᠯᠭᠠᠨ᠂ ᠤᠷᠠᠯᠢᠭ᠂ ᠪᠢᠯᠢᠭᠬᠦᠴᠦᠨ᠂ ᠬᠠᠯᠢᠶ᠎ᠠ᠂ ᠡᠷᠡᠬᠡᠢ᠂ ᠪᠠᠷᠰᠯᠤᠤ
ᠰᠠᠢᠨ ᠤ᠋ ᠢᠷᠦᠭᠡᠯ ᠢ᠋ᠶ᠋ᠡᠷ ᠤᠴᠠᠷᠠᠭᠰᠠᠨ ᠨᠢᠭᠡ ᠠᠩᠭᠢ ᠶ᠋ᠢᠨ ᠪᠢᠳᠡ
ᠰᠠᠢᠬᠠᠨ ᠳᠤᠷᠠᠳᠬᠠᠯ ᠢ᠋ᠶ᠋ᠠᠨ ᠪᠢᠴᠢᠭᠯᠡᠵᠦ ᠶᠠᠪᠤᠨ᠎ᠠ ᠳᠠᠭᠤᠯᠠᠵᠤ ᠶᠠᠪᠤᠨ᠎ᠠ ᠪᠢᠳᠡ᠃
ᠪᠢᠴᠢᠭ ᠡᠷᠳᠡᠮ ᠰᠤᠷᠬᠤ ᠶ᠋ᠢᠨ ᠬᠠᠷᠭᠤᠢ ᠳ᠋ᠤ᠌ ᠰᠢᠮᠳᠠᠬᠤ ᠶ᠋ᠢᠨ ᠠᠶᠠᠨ ᠳ᠋ᠤ᠌
ᠪᠡᠶ᠎ᠡ ᠪᠡᠶ᠎ᠡ ᠲᠡᠢ ᠪᠡᠨ ᠢᠵᠢᠯᠢᠰᠢᠵᠦ ᠶᠠᠪᠤᠨ᠎ᠠ ᠳᠠᠰᠤᠯᠴᠠᠵᠤ ᠶᠠᠪᠤᠨ᠎ᠠ ᠪᠢᠳᠡ᠃
ᠪᠠᠭᠰᠢ ᠪᠠᠭᠰᠢ ᠶ᠋ᠢᠨ ᠬᠠᠢᠷ᠎ᠠ ᠰᠠᠢᠬᠠᠨ
ᠨᠠᠢᠵᠠ ᠨᠠᠢᠵᠠ ᠶ᠋ᠢᠨ ᠨᠠᠢᠷ ᠵᠤᠵᠠᠭᠠᠨ
ᠬᠠᠯᠠᠭᠤᠨ ᠡᠯᠢᠭᠡᠨ ᠰᠤᠷᠭᠠᠭᠤᠯᠢ ᠳ᠋ᠤ᠌ ᠪᠠᠨ ᠪᠢᠳᠡ
ᠬᠠᠢᠷᠠᠲᠠᠢ ᠬᠠᠢᠷᠠᠲᠠᠢ ᠭᠡᠵᠦ ᠳᠠᠭᠤᠯᠠᠶ᠎ᠠ
ᠨᠠᠢ᠍ᠮᠠᠨ ᠵᠦᠭ ᠡᠴᠡ ᠬᠤᠷᠠᠭᠰᠠᠨ ᠨᠢᠭᠡ ᠠᠩᠭᠢ ᠶ᠋ᠢᠨ ᠪᠢᠳᠡ
ᠨᠠᠨᠳᠢᠨ ᠬᠦᠰᠡᠯ ᠢ᠋ᠶ᠋ᠡᠨ ᠡᠪᠦᠷᠯᠡᠵᠦ ᠶᠠᠪᠤᠨ᠎ᠠ ᠡᠷᠬᠢᠮᠯᠡᠵᠦ ᠶᠠᠪᠤᠨ᠎ᠠ᠃
ᠪᠢᠳᠡ ᠨᠠᠢᠷᠲᠠᠢ ᠵᠢᠷᠤᠮᠲᠠᠢ ᠰᠤᠷᠭᠠᠭᠤᠯᠢ ᠶ᠋ᠢᠨ ᠬᠦᠷᠢᠶᠡᠨ ᠳ᠋ᠦ᠍ ᠰᠤᠷᠤᠭᠴᠢ ᠶ᠋ᠢᠨ ᠠᠮᠢᠳᠤᠷᠠᠯ ᠳ᠋ᠠᠭᠠᠨ
ᠨᠢᠭᠡ ᠨᠢᠭᠡ ᠳ᠋ᠦ᠍ ᠪᠡᠨ ᠲᠦᠰᠢᠭ ᠪᠣᠯᠵᠤ ᠭᠢᠯᠠᠷᠠᠭᠤᠯᠵᠤ ᠶᠠᠪᠤᠨ᠎ᠠ ᠪᠢᠳᠡ᠃
ᠪᠠᠭᠰᠢ ᠪᠠᠭᠰᠢ ᠶ᠋ᠢᠨ ᠬᠠᠢᠷ᠎ᠠ ᠰᠠᠢᠬᠠᠨ
ᠨᠠᠢᠵᠠ ᠨᠠᠢᠵᠠ ᠶ᠋ᠢᠨ ᠨᠠᠢᠷ ᠵᠤᠵᠠᠭᠠᠨ
ᠬᠠᠯᠠᠭᠤᠨ ᠡᠯᠢᠭᠡᠨ ᠰᠤᠷᠭᠠᠭᠤᠯᠢ ᠳ᠋ᠤ᠌ ᠪᠠᠨ ᠪᠢᠳᠡ
ᠬᠠᠢᠷᠠᠲᠠᠢ ᠬᠠᠢᠷᠠᠲᠠᠢ ᠭᠡᠵᠦ ᠳᠠᠭᠤᠯᠠᠶ᠎ᠠ
ᠪᠣᠷᠣᠬᠠᠨ ᠵᠠᠩ ᠢ᠋ᠶ᠋ᠠᠨ ᠬᠤᠪᠢᠶᠠᠯᠴᠠᠭᠰᠠᠨ ᠨᠢᠭᠡ ᠠᠩᠭᠢ ᠶ᠋ᠢᠨ ᠪᠢᠳᠡ
ᠪᠣᠯᠪᠠᠰᠤᠨ ᠮᠣᠷᠠᠯ ᠲᠠᠢ ᠥᠰᠴᠦ ᠶᠠᠪᠤᠨ᠎ᠠ ᠲᠣᠮᠣᠭᠠᠵᠢᠵᠤ ᠶᠠᠪᠤᠨ᠎ᠠ ᠪᠢᠳᠡ᠃
ᠪᠦᠯᠬᠦᠮᠳᠡᠯ ᠨᠢᠭᠡᠳᠦᠯ ᠦ᠋ᠨ ᠭᠠᠷ ᠢ᠋ᠶ᠋ᠠᠨ ᠬᠣᠯᠪᠣᠵᠤ ᠡᠷᠴᠢ ᠪᠡᠨ ᠨᠢᠭᠡᠳᠬᠡᠭᠡᠳ
ᠪᠦᠭᠦᠳᠡᠭᠡᠷ ᠳᠠᠪᠰᠢᠵᠤ ᠬᠡᠢᠮᠣᠷᠢ ᠲᠠᠢ ᠶᠠᠪᠤᠨ᠎ᠠ ᠪᠠᠷᠳᠠᠮ ᠶᠠᠪᠤᠨ᠎ᠠ ᠪᠢᠳᠡ᠃
( ᠳᠠᠬᠢᠯᠲᠠ)
ᠦᠰᠦᠭ ᠠᠮᠢᠯᠠᠭᠤᠯᠤᠭᠴᠢ᠄ ᠪᠠᠳᠠᠷᠠᠯᠲᠤ
ᠦᠰᠦᠭ ᠬᠠᠲᠠᠵᠤ ᠬᠢᠨᠠᠭᠰᠠᠨ ᠨᠢ᠄ ᠬᠠᠷᠬᠠᠲᠠᠨ ᠷ· ᠴᠢᠷᠮᠠᠢᠯᠲᠤ
