ᠢᠷᠡᠵᠦ ᠶᠠᠪᠤᠭ᠎ᠠ ᠴᠠᠭ-ᠰ ∙ ᠵᠢᠪᠬᠤᠯᠠᠩ᠂ ᠲ ∙ ᠪᠠᠶᠠᠰᠬᠤᠯᠠᠩС.Жавхлан,Т.Баясгалан - Ирж яваа цаг, Javkhlan.S, Bayasgalan.T - Irj yavaa tsag
ᠢᠷᠡᠵᠦ ᠶᠠᠪᠤᠭ᠎ᠠ ᠴᠠᠭ
ᠰᠢᠯᠦᠭ᠄ ᠳ· ᠰᠠᠮᠠᠨᠳᠠ
ᠠᠶ᠎ᠠ᠄ ᠪ· ᠫᠦᠷᠪᠦᠰᠥ᠋ᠷᠦᠩ
ᠰ· ᠵᠢᠪᠬᠤᠯᠠᠩ· ᠲ· ᠪᠠᠶᠠᠰᠬᠤᠯᠠᠩ ᠳᠠᠭᠤᠯᠠᠨ᠎ᠠ
ᠢᠩᠭᠡᠨ ᠠᠭᠤᠯᠠᠰ ᠤ᠋ᠨ ᠪᠣᠢᠯᠠᠭ᠎ᠠ ᠤᠨᠢᠶᠠᠷᠲᠤᠭᠠᠳ ᠯᠠ
ᠪᠣᠲᠣᠭᠣᠨ ᠲᠤᠯᠤᠭᠠᠳ ᠲᠠᠰᠢᠨ ᠲᠣᠷᠣᠯᠵᠠᠭᠠᠳ ᠯᠠ
ᠬᠣᠣᠰ ᠢ᠋ᠶ᠋ᠠᠷ ᠰᠢᠪᠠᠭᠤᠳ ᠳᠠᠭᠤᠨ ᠳ᠋ᠠᠭᠠᠨ ᠳᠤᠯᠠᠭᠠᠴᠠᠭᠠᠳ ᠯᠠ
ᠬᠠᠪᠤᠷ ᠤ᠋ᠨ ᠰᠢᠭᠤᠷᠭ᠎ᠠ ᠰᠥᠷᠦᠨ ᠭᠠᠩᠭᠠᠨᠠᠭᠠᠳ
ᠠᠢ ᠬᠦ ᠢᠷᠡᠵᠦ ᠪᠠᠢᠭ᠎ᠠ ᠴᠠᠭ ᠰᠠᠢᠬᠠᠨ
ᠵᠠ ᠬᠦ ᠰᠡᠷᠢᠵᠦ ᠪᠠᠢᠭ᠎ᠠ ᠴᠠᠭ ᠰᠠᠢᠬᠠᠨ ᠠ᠋
ᠡᠩᠬᠦᠷᠡᠢ ᠵᠥᠭᠡᠯᠡᠨ ᠪᠣᠷᠣᠭ᠎ᠠ ᠰᠢᠵᠢᠭᠢᠨᠡᠭᠡᠳ ᠯᠡ
ᠴᠡᠩᠬᠡᠷ ᠢᠷᠭᠤᠢ ᠨᠢ ᠳᠡᠯᠪᠡᠭᠡ ᠭᠡᠵᠢᠭᠡᠳᠡᠭᠡᠳ ᠯᠡ
ᠨᠠᠰᠤᠲᠠᠨ ᠨᠢᠯᠬᠠᠰ ᠨᠠᠷᠠᠨ ᠳ᠋ᠤ᠌ ᠬᠥᠲᠥᠯᠦᠭᠳᠡᠭᠡᠳ ᠯᠡ
ᠤᠶᠠᠩᠭ᠎ᠠ ᠶ᠋ᠢᠨ ᠤᠲᠠᠰᠤ ᠬᠠᠢᠷᠠᠨ ᠳ᠋ᠤ᠌ ᠬᠦᠭᠯᠡᠭᠳᠡᠭᠳ
ᠠᠢ ᠬᠦ ᠢᠷᠡᠵᠦ ᠪᠠᠢᠭ᠎ᠠ ᠴᠠᠭ ᠰᠠᠢᠬᠠᠨ
ᠵᠠ ᠬᠦ ᠰᠡᠷᠢᠵᠦ ᠪᠠᠢᠭ᠎ᠠ ᠴᠠᠭ ᠰᠠᠢᠬᠠᠨ ᠠ᠋
ᠬᠣᠷᠸ᠎ᠠ ᠳ᠋ᠤ᠌ ᠶᠡᠬᠡ ᠶ᠋ᠢ ᠪᠦᠲᠦᠭᠡᠬᠦ ᠪᠡᠨ ᠪᠣᠳᠣᠭᠳᠠᠭᠠᠳ ᠯᠠ
ᠬᠣᠢᠴᠢ ᠳ᠋ᠠᠭᠠᠨ ᠦᠨᠡᠨ ᠢ᠋ ᠦᠯᠡᠳᠡᠭᠡᠬᠦ ᠰᠠᠨᠠᠭᠳᠠᠭᠠᠳ ᠯᠠ
ᠤᠷᠢᠨ ᠰᠠᠯᠬᠢᠨ ᠳ᠋ᠤ᠌ ᠴᠥᠩ ᠳᠦᠷᠡᠭᠳᠡᠭᠡᠳ ᠯᠡ
ᠠᠭᠤᠯᠠᠰ ᠤ᠋ᠨ ᠬᠢᠷ᠎ᠠ ᠳ᠋ᠤ᠌ ᠴᠠᠰᠤᠨ ᠰᠡᠮᠡᠷᠡᠵᠡᠭᠡᠳ ᠯᠡ
ᠠᠢ ᠬᠦ ᠢᠷᠡᠵᠦ ᠪᠠᠢᠭ᠎ᠠ ᠴᠠᠭ ᠰᠠᠢᠬᠠᠨ
ᠵᠠ ᠬᠦ ᠰᠡᠷᠢᠵᠦ ᠪᠠᠢᠭ᠎ᠠ ᠴᠠᠭ ᠰᠠᠢᠬᠠᠨ ᠠ᠋
ᠠᠢ ᠬᠦ ᠢᠷᠡᠵᠦ ᠪᠠᠢᠭ᠎ᠠ ᠴᠠᠭ ᠰᠠᠢᠬᠠᠨ
ᠵᠠ ᠬᠦ ᠰᠡᠷᠢᠵᠦ ᠪᠠᠢᠭ᠎ᠠ ᠴᠠᠭ ᠰᠠᠢᠬᠠᠨ ᠠ᠋
ᠦᠰᠦᠭ ᠠᠮᠢᠯᠠᠭᠤᠯᠤᠭᠰᠠᠨ᠄ ᠪᠦᠷᠢᠨᠵᠢᠷᠭᠠᠯ
ᠦᠰᠦᠭ ᠬᠠᠲᠠᠭᠰᠠᠨ ᠨᠢ᠄ ᠪᠦᠷᠢᠨᠵᠢᠷᠭᠠᠯ
ᠬᠢᠨᠠᠭᠠᠴᠢ ᠪᠠᠭᠰᠢ᠄ ᠤᠶᠠᠬᠠᠨ
