ᠢᠷᠠᠭᠤ ᠨᠠᠢᠷᠠᠭ-ᠬᠣᠨᠳᠣᠨ ᠪᠠᠭᠠᠲᠤᠷЯруу найраг-Хондон баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠢᠷᠠᠭᠤ ᠨᠠᠢᠷᠠᠭ-ᠬᠣᠨᠳᠣᠨ ᠪᠠᠭᠠᠲᠤᠷЯруу найраг-Хондон баатар

ᠢᠷᠠᠭᠤ ᠨᠠᠢᠷᠠᠭ-ᠬᠣᠨᠳᠣᠨ ᠪᠠᠭᠠᠲᠤᠷЯруу найраг-Хондон баатар

2024-03-25

280

ᠢᠷᠠᠭᠤ ᠨᠠᠢᠷᠠᠭ 

         ᠬᠣᠨᠳᠣᠨ ᠪᠠᠭᠠᠲᠤᠷ 
ᠢᠷᠠᠭᠤ ᠨᠠᠢᠷᠠᠭ— ᠪᠠᠶᠠᠷᠯᠠᠭᠰᠠᠨ ᠵᠢᠷᠦᠬᠡᠨ ᠦ᠌ ᠪᠠᠳᠠᠭ ᠪᠠᠳᠠᠭ ᠤᠶᠠᠩᠭ᠎ᠠ 
ᠢᠷᠠᠭᠤ ᠨᠠᠢᠷᠠᠭ— ᠪᠠᠳᠠᠷᠠᠭᠰᠠᠨ ᠵᠢᠷᠦᠬᠡᠨ ᠦ᠌ ᠮᠥᠷ ᠮᠥᠷ ᠭᠤᠨᠢᠭ 
ᠢᠷᠠᠭᠤ ᠨᠠᠢᠷᠠᠭ— ᠬᠠᠢᠷ᠎ᠠ ᠶ᠋ᠢᠨ ᠤᠶᠠᠩᠭᠠᠲᠤ ᠤᠷᠠᠨ ᠰᠡᠳᠬᠢᠬᠦᠢ 
ᠢᠷᠠᠭᠤ ᠨᠠᠢᠷᠠᠭ— ᠬᠠᠷᠠᠩᠭᠤᠢ ᠶ᠋ᠢ ᠭᠡᠢᠭᠦᠯᠦᠭᠴᠢ ᠭᠡᠷᠡᠯᠲᠦ ᠨᠠᠷᠠ 

ᠬᠣᠪᠳᠣᠯ ᠵᠢᠷᠦᠬᠡᠨ ᠦ᠌ ᠬᠠᠢᠷ᠎ᠠ ᠶ᠋ᠢ ᠢᠷᠠᠭᠤ ᠨᠠᠢᠷᠠᠭ ᠤᠶᠠᠩᠭᠠᠯᠠᠳᠠᠭ 
ᠬᠣᠷᠸ᠎ᠠ ᠳᠡᠯᠡᠬᠡᠢ ᠶ᠋ᠢᠨ ᠬᠥᠭᠵᠢᠯ ᠢ᠋ ᠢᠷᠠᠭᠤ ᠨᠠᠢᠷᠠᠭ ᠳᠠᠭᠤᠯᠠᠳᠠᠭ 
ᠬᠣᠣᠷ ᠤ᠋ᠨ ᠮᠠᠭᠤ ᠰᠠᠨᠠᠭᠠᠲᠠᠨ ᠢ᠋ ᠢᠷᠠᠭᠤ ᠨᠠᠢᠷᠠᠭ ᠨᠢᠴᠤᠭᠠᠳᠠᠭ 
ᠬᠠᠷ᠎ᠠ ᠶᠣᠷᠣ ᠲᠠᠢ ᠡᠲᠡᠭᠡᠳ ᠢ᠋ ᠢᠷᠠᠭᠤ ᠨᠠᠢᠷᠠᠭ ᠶᠣᠵᠣᠯᠠᠳᠠᠭ 

ᠢᠷᠠᠭᠤ ᠨᠠᠢᠷᠠᠭ— ᠲᠠᠷᠢᠬᠢ ᠶ᠋ᠢ ᠬᠤᠷᠴᠠᠯᠠᠳᠠᠭ ᠵᠥᠭᠡᠯᠡᠨ ᠪᠢᠯᠡᠭᠦᠦ
ᠢᠷᠠᠭᠤ ᠨᠠᠢᠷᠠᠭ— ᠵᠢᠷᠦᠬᠡ ᠶ᠋ᠢ ᠲᠠᠮᠢᠷᠵᠢᠭᠤᠯᠳᠠᠭ ᠨᠢᠭᠤᠴᠠ ᠵᠣᠷ
ᠢᠷᠠᠭᠤ ᠨᠠᠢᠷᠠᠭ— ᠬᠤᠳᠠᠯ ᠦᠨᠡᠨ ᠦ᠌ ᠵᠠᠭᠠᠭ ᠬᠢᠯᠢ
ᠢᠷᠠᠭᠤ ᠨᠠᠢᠷᠠᠭ— ᠬᠣᠷᠸ᠎ᠠ ᠶ᠋ᠢ ᠬᠠᠷᠠᠬᠤ ᠬᠣᠷᠯᠣ ᠲᠣᠭᠣᠨᠣ

ᠲᠣᠭᠳᠣᠯᠵᠠᠵᠤ ᠪᠠᠢᠭ᠎ᠠ ᠰᠡᠳᠬᠢᠯ ᠢ᠋ ᠢᠷᠠᠭᠤ ᠨᠠᠢᠷᠠᠭ ᠡᠭᠡᠰᠢᠭᠯᠡᠳᠡᠭ
ᠲᠤᠤᠯᠢᠮ᠎ᠠ ᠬᠣᠷᠸ᠎ᠠ ᠶ᠋ᠢᠨ ᠵᠢᠷᠭᠠᠯ ᠢ᠋ ᠢᠷᠠᠭᠤ ᠨᠠᠢᠷᠠᠭ ᠵᠢᠷᠣᠭᠠᠯᠠᠳᠠᠭ
ᠪᠠᠢᠭᠠᠯᠢ ᠨᠤᠲᠤᠭ ᠤ᠋ᠨ ᠰᠠᠢᠬᠠᠨ ᠢ᠋ ᠢᠷᠠᠭᠤ ᠨᠠᠢᠷᠠᠭ ᠠᠮᠢᠯᠠᠭᠤᠯᠳᠠᠭ
ᠪᠠᠯᠠᠢ ᠮᠤᠩᠬᠠᠭ ᠪᠦᠬᠦᠨ ᠢ᠋ ᠴᠤ᠌ ᠢᠷᠠᠭᠤ ᠨᠠᠢᠷᠠᠭ ᠳᠠᠭᠠᠷᠢᠳᠠᠭ ᠠ᠋᠁

     2018·3·21 ᠢᠷᠠᠭᠤ ᠨᠠᠢᠷᠠᠭ ᠤ᠋ᠨ ᠡᠳᠦᠷ ᠲᠤ
   ᠣᠯᠬᠣᠨᠣᠳ ᠠᠶᠤᠰᠢ ᠬᠢᠨᠠᠵᠤ ᠠᠮᠢᠯᠠᠭᠤᠯᠪᠠ