ᠠᠮᠠᠷᠠᠭ ᠦᠨ ᠠᠭᠤᠯᠵᠠᠯᠲᠠ-ᠰᠡᠴᠡᠨᠪᠢᠯᠢᠭАмрагийн уулзалт-Сэцнбилэг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠮᠠᠷᠠᠭ ᠦᠨ ᠠᠭᠤᠯᠵᠠᠯᠲᠠ-ᠰᠡᠴᠡᠨᠪᠢᠯᠢᠭАмрагийн уулзалт-Сэцнбилэг

ᠠᠮᠠᠷᠠᠭ ᠦᠨ ᠠᠭᠤᠯᠵᠠᠯᠲᠠ-ᠰᠡᠴᠡᠨᠪᠢᠯᠢᠭАмрагийн уулзалт-Сэцнбилэг

ᠠᠩᠭᠢᠯᠠᠯ:ᠳᠠᠭᠤᠤ ᠬᠥᠭᠵᠢᠮ
2024-03-25

316

ᠠᠮᠠᠷᠠᠭ ᠦᠨ ᠠᠭᠤᠯᠵᠠᠯᠲᠠ 

   ᠦᠭᠡ ᠠᠶ᠎ᠠ᠄ ᠮᠠᠰᠢᠵᠢᠷᠭᠠᠯ 
   MIDI ᠬᠥᠭᠵᠢᠮ᠄   ᠮᠥᠩᠭᠥᠨᠱᠠ 
   ᠳᠠᠭᠤᠴᠢᠨ᠄ ᠰᠡᠴᠡᠨᠪᠢᠯᠢᠭ 
ᠰᠠᠶ᠋ᠢᠬᠠᠨ ᠮᠣᠩᠭᠣᠯ ᠠᠷᠤ ᠶ᠋ᠢᠨ ᠭᠠᠵᠠᠷ ᠶ᠋ᠢᠠᠷ 
ᠰᠠᠶᠢᠬᠠᠨ ᠶᠠᠪᠤᠭᠠᠳ ᠢᠷᠡᠯ᠎ᠡ ᠪᠢ 
ᠰᠠᠯᠤᠭᠠᠳ ᠤᠳᠠᠭᠰᠠᠨ ᠠᠮᠠᠷᠠᠭ ᠴᠢᠮ᠎ᠠ ᠪᠠᠨ 
ᠰᠠᠨᠠᠨ ᠪᠠᠶ᠋ᠢᠬᠰᠠᠭᠠᠷ ᠢᠷᠡᠯ᠎ᠡ ᠪᠢ 
ᠠᠢ ᠳ᠋ᠠ  ᠬᠦ᠋ ᠠᠢ ᠳ᠋ᠠ ᠬᠦ᠋ 
ᠰᠠᠨᠠᠨ ᠪᠠᠶ᠋ᠢᠬᠰᠠᠭᠠᠷ ᠢᠷᠡᠯ᠎ᠡ ᠪᠢ 
ᠨᠡᠭᠦᠳᠡᠯᠯᠡᠵᠦ ᠶᠠᠪᠤᠳᠠᠭ ᠠᠩᠭᠢᠷ ᠭᠠᠯᠠᠭᠤ 
ᠨᠤᠲᠤᠭ ᠶ᠋ᠢᠠᠨ ᠰᠠᠨᠠᠭᠠᠳ ᠢᠷᠡᠳᠡᠭ ‍ᠦᠦ ᠳ᠋ᠠ
ᠨᠠᠶ᠋ᠢᠷᠯᠠᠨ ᠴᠡᠩᠭᠡᠭᠰᠡᠨ ᠤᠶᠠᠷᠠᠯ ᠳᠤᠮᠳᠠ ᠪᠠᠨ
ᠨᠠᠶ᠋ᠢᠵᠠ ᠪᠠᠨ ᠪᠣᠳᠣᠭᠠᠳ ᠰᠢᠮᠰᠢᠷᠡᠳᠡᠭ  ‍ᠦᠦ ᠳ᠋ᠡ
ᠠᠢ ᠳ᠋ᠠ  ᠬᠦ᠋ ᠠᠢ ᠳ᠋ᠠ ᠬᠦ᠋
ᠰᠠᠨᠠᠨ ᠪᠠᠶ᠋ᠢᠬᠰᠠᠭᠠᠷ ᠢᠷᠡᠯ᠎ᠡ ᠪᠢ
ᠭᠡᠷᠡᠯᠲᠦᠨ ᠮᠦᠰᠢᠶᠡᠬᠦ ᠨᠠᠷᠠᠨ ᠰᠠᠷᠠᠨ ᠊ᠢ
ᠭ᠌ᠬᠢᠷᠲᠦᠭᠡᠨ᠎ᠡ ᠭᠡᠵᠦ ᠴᠢᠳᠠᠨ᠎ᠠ ‍ᠤᠤ ᠳ᠋ᠠ
ᠬᠡᠯᠡᠭᠰᠡᠨ ᠦᠭᠡᠨ ᠳ᠋ᠡᠭᠡᠨ ᠬᠦᠷᠳᠡᠭ ᠬᠣᠶᠠᠭᠤᠯᠠ ᠶ᠋ᠢ
ᠬᠡᠨ ᠴᠦ᠍ ᠬᠡᠯᠡᠭᠡᠳ ᠪᠠᠶ᠋ᠢᠯᠭᠠᠨ᠎ᠠ ‍ᠤᠤ ᠳ᠋ᠠ
ᠠᠢ ᠳ᠋ᠠ  ᠬᠦ᠋ ᠠᠢ ᠳ᠋ᠠ ᠬᠦ᠋
ᠰᠠᠨᠠᠨ ᠪᠠᠶ᠋ᠢᠬᠰᠠᠭᠠᠷ ᠢᠷᠡᠯ᠎ᠡ ᠪᠢ
ᠠᠢ ᠳ᠋ᠠ  ᠬᠦ᠋ ᠠᠢ ᠳ᠋ᠠ ᠬᠦ᠋
ᠰᠠᠨᠠᠨ ᠪᠠᠶ᠋ᠢᠬᠰᠠᠭᠠᠷ ᠢᠷᠡᠯ᠎ᠡ ᠪᠢ

   ᠦᠰᠦᠭ ᠠᠮᠢᠯᠠᠭᠤᠯᠤᠭᠴᠢ᠄ ᠪᠠᠳᠠᠷᠠᠯᠲᠤ
   ᠦᠰᠦᠭ ᠬᠠᠳᠠᠵᠤ ᠬᠢᠨᠠᠭᠰᠠᠨ ᠨᠢ᠄ ᠬᠠᠷᠬᠠᠲᠠᠨ ᠷ· ᠴᠢᠷᠮᠠᠶ᠋ᠢᠯᠲᠤ