ᠬᠠᠢᠯᠠᠷ ᠨᠠᠷᠠᠰᠤ Хайлаар нарс

ᠬᠠᠢᠯᠠᠷ ᠨᠠᠷᠠᠰᠤ ( ᠰᠢᠷ᠎ᠠ ᠨᠠᠷᠠᠰᠤ)
ᠨᠠᠷᠠᠰᠤ ᠶ᠋ᠢᠨ ᠢᠵᠠᠭᠤᠷ
ᠮᠥᠩᠬᠡ ᠨᠣᠭᠣᠭᠠᠨ ᠲᠤᠷᠤᠭ ᠮᠣᠳᠣ᠂ 15—20m ᠥᠨᠳᠥᠷ᠃ ᠡᠰᠢᠨ ᠦ᠌ ᠳᠣᠣᠷᠠᠲᠤ ᠬᠠᠭᠠᠰ ᠬᠡᠰᠡᠭ ᠦ᠋ᠨ ᠬᠣᠯᠲᠣᠰᠣ ᠨᠢ ᠵᠤᠵᠠᠭᠠᠨ᠂ ᠴᠠᠢᠪᠤᠷ ᠬᠦᠷᠡᠩ ᠪᠤᠶᠤ ᠬᠠᠷᠠᠪᠲᠤᠷ ᠬᠦᠷᠡᠩ ᠪᠥᠭᠡᠳ ᠶᠠᠰᠤᠲᠤ ᠮᠡᠯᠡᠬᠡᠢ ᠶ᠋ᠢᠨ ᠬᠤᠶᠠᠭ ᠰᠢᠭ᠋ ᠬᠡᠯᠪᠡᠷᠢ ᠲᠡᠢ ᠪᠡᠷ ᠣᠰᠬᠣᠷᠲᠤᠨᠠ᠂ ᠳᠡᠭᠡᠳᠦ ᠬᠠᠭᠠᠰ ᠬᠡᠰᠡᠭ ᠦ᠋ᠨ ᠬᠣᠯᠲᠣᠰᠣ ᠨᠢ ᠨᠡᠯᠢᠶᠡᠳ ᠨᠢᠮᠭᠡᠨ ᠮᠥᠷᠲᠡᠭᠡᠨ ᠣᠯᠠᠪᠲᠤᠷ ᠬᠦᠷᠡᠩ ᠪᠤᠶᠤ ᠰᠢᠷ᠎ᠠ ᠬᠦᠷᠡᠩ᠃ ᠲᠤᠰ ᠵᠢᠯ ᠦ᠋ᠨ ᠮᠥᠴᠢᠷ ᠨᠢ ᠭᠦᠢᠬᠡᠨ ᠰᠢᠷ᠎ᠠ ᠬᠦᠷᠡᠩ᠂ ᠬᠣᠶᠠᠷ ᠨᠠᠰᠤᠨ ᠠ᠋ᠴᠠ ᠳᠡᠭᠡᠭᠰᠢ ᠮᠥᠴᠢᠷ ᠨᠢ ᠴᠣᠬᠣᠷ ᠰᠢᠷ᠎ᠠ᠃ ᠨᠠᠪᠴᠢᠨ ᠤ᠋ ᠲᠣᠭᠳᠣᠢ ᠨᠢ ᠬᠠᠷ᠎ᠠ ᠬᠦᠷᠡᠩ᠂ ᠮᠥᠩᠬᠡ ᠣᠷᠣᠰᠢᠨ᠎ᠠ᠃ ᠰᠢᠯᠮᠦᠦᠰᠦ ᠨᠢ 2.5—5cm ᠤᠷᠲᠤ ( ᠬᠠᠶᠠ9cm ᠤᠷᠲᠤ)᠂ ᠮᠤᠰᠬᠢᠷᠠᠭᠰᠠᠨ ᠬᠤᠷᠴᠠ ᠦᠵᠦᠭᠦᠷ ᠲᠡᠢ᠂ ᠵᠢᠵᠢᠭ ᠬᠡᠷᠴᠢᠶᠡᠰᠦ ᠪᠦᠬᠦᠢ ᠬᠥᠪᠡᠭᠡ ᠲᠡᠢ ᠪᠥᠭᠡᠳ ᠬᠣᠶᠠᠷ ᠬᠣᠶᠠᠷ ᠢ᠋ᠶ᠋ᠠᠷ ᠪᠠᠭᠴᠠ ᠪᠣᠯᠵᠤ ᠤᠷᠭᠤᠨ᠎ᠠ᠃ ᠡᠷ᠎ᠡ ᠪᠠᠭ ᠴᠡᠴᠡᠭ ᠨᠢ ᠥᠨᠳᠡᠭᠡᠯᠵᠢᠨ᠂ ᠰᠢᠷ᠎ᠠ᠂ ᠰᠢᠨ᠎ᠡ ᠮᠥᠴᠢᠷ ᠦ᠋ᠨ ᠤᠭ ᠲᠤ ᠤᠷᠭᠤᠳᠠᠭ᠃ ᠡᠮ᠎ᠡ ᠪᠠᠭ ᠴᠡᠴᠡᠭ ᠨᠢ ᠪᠥᠮᠪᠥᠯᠢᠭ᠂ ᠨᠣᠭᠣᠭᠠᠨ᠃ ᠪᠣᠷᠭᠣᠴᠣᠭ ᠨᠢ ᠥᠨᠳᠡᠭᠡᠯᠵᠢᠨ ᠪᠤᠶᠤ ᠤᠷᠲᠤᠪᠲᠤᠷ ᠥᠨᠳᠡᠭᠡᠯᠵᠢᠨ᠂ ᠰᠢᠷᠠᠪᠲᠤᠷ ᠨᠣᠭᠣᠭᠠᠨ᠂ 3—6cm ᠤᠷᠲᠤ᠃ ᠦᠷ᠎ᠡ ᠶ᠋ᠢᠨ ᠬᠠᠢᠷᠰᠤ ᠶ᠋ᠢᠨ ᠣᠷᠣᠢ ᠨᠢ ᠷᠣᠮᠪ ᠰᠢᠭ᠋ ᠪᠤᠶᠤ ᠲᠡᠭᠰᠢ ᠪᠤᠰᠤ ᠲᠠᠪᠤᠯᠵᠢᠨ ( ᠳᠥᠷᠪᠡᠯᠵᠢᠨ) ᠬᠡᠯᠪᠡᠷᠢ ᠲᠡᠢ᠂ ᠲᠥᠪ ᠲᠦ᠋ᠨᠢ ᠭᠦᠳᠦᠢᠭᠰᠡᠨ ᠬᠦᠢᠰᠦ ᠲᠡᠢ ᠪᠥᠭᠡᠳ ᠣᠬᠣᠷ ᠥᠷᠭᠡᠰᠦ ᠲᠡᠢ᠃ ᠦᠷ᠎ᠡ ᠨᠢ ᠬᠠᠷ᠎ᠠ ᠬᠦᠷᠡᠩ᠂ ᠤᠷᠲᠤᠪᠲᠤᠷ ᠥᠨᠳᠡᠭᠡᠯᠵᠢᠨ᠂ 5mm ᠤᠷᠲᠤ ᠪᠥᠭᠡᠳ ᠬᠠᠪᠢᠷᠭᠠᠨ ᠰᠠᠷ᠎ᠠ ᠰᠢᠭ 7—10mm ᠤᠷᠲᠤ ᠳᠠᠯᠠᠪᠴᠢ ᠲᠠᠢ᠃
ᠭᠠᠩ ᠬᠠᠭᠤᠷᠠᠢ ᠪᠠ ᠬᠦᠢᠲᠡᠨ ᠳ᠋ᠦ᠍ ᠲᠡᠰᠪᠦᠷᠢᠲᠡᠢ᠃ ᠬᠦᠢᠲᠡᠨ ᠰᠡᠷᠢᠭᠦᠨ ᠪᠦᠰᠡ ᠶ᠋ᠢᠨ ᠭᠠᠩ ᠬᠠᠭᠤᠷᠠᠢ ᠠᠭᠤᠯᠠ ᠶ᠋ᠢᠨ ᠬᠠᠵᠠᠭᠤ ᠬᠢᠭᠡᠳ ᠠᠭᠤᠯᠠ ᠶ᠋ᠢᠨ ᠣᠷᠣᠢ ᠪᠠᠷ ᠤᠷᠭᠤᠨ᠎ᠠ᠂ ᠡᠯᠡᠰᠦᠨ ᠳᠣᠪᠣ ᠳᠡᠭᠡᠷ᠎ᠡ ᠪᠠᠰᠠ ᠰᠠᠢᠨ ᠤᠷᠭᠤᠨ᠎ᠠ᠃
ᠮᠠᠨ ᠤ᠋ ᠤᠯᠤᠰ ᠤ᠋ᠨ ᠥᠪᠥᠷ ᠮᠣᠩᠭᠣᠯ᠂ ᠬᠠᠷᠠᠮᠦ᠋ᠷᠡᠨ᠂ ᠬᠢᠷᠢᠨ ᠵᠡᠷᠭᠡ ᠮᠣᠵᠢ ᠣᠷᠣᠨ ᠳ᠋ᠤ᠌ ᠤᠷᠭᠤᠳᠠᠭ᠃
ᠮᠣᠳᠣ ᠶ᠋ᠢ ᠨᠢ ᠪᠠᠷᠢᠯᠭ᠎ᠠ᠂ ᠬᠥᠭᠥᠷᠭᠡ᠂ ᠳᠡᠷᠡ ᠮᠣᠳᠣ᠂ ᠴᠠᠬᠢᠯᠭᠠᠨ ᠤᠲᠠᠰᠤᠨ ᠤ᠋ ᠪᠠᠭᠠᠨ᠎ᠠ᠂ ᠣᠩᠭᠣᠴᠠ ᠪᠠ ᠪᠠᠭᠠᠵᠢ ᠬᠡᠷᠡᠭᠰᠡᠯ ᠬᠢᠬᠦ ᠳ᠋ᠦ᠍ ᠠᠰᠢᠭᠯᠠᠨ᠎ᠠ᠃ ᠡᠰᠢᠨ ᠡᠴᠡ ᠨᠢ ᠳᠠᠪᠠᠷᠬᠠᠢ ᠠᠪᠴᠤ ᠪᠣᠯᠤᠨ᠎ᠠ᠃ ᠬᠣᠯᠲᠣᠰᠣ ᠨᠢ ᠡᠯᠳᠡᠭᠦᠷᠢ ᠶ᠋ᠢᠨ ᠲᠦᠭᠦᠬᠡᠢ ᠡᠳ᠋᠃ ᠡᠯᠡᠰᠦ ᠲᠣᠭᠲᠠᠭᠠᠬᠤ ᠣᠢ ᠪᠣᠯᠭᠠᠬᠤ ᠳ᠋ᠤ᠌ ᠬᠠᠮᠤᠭ ᠤ᠋ᠨ ᠰᠠᠢᠨ᠃ ᠦᠵᠡᠮᠵᠢ ᠶ᠋ᠢᠨ ᠮᠣᠳᠣ ᠪᠣᠯᠭᠠᠭᠰᠠᠨ ᠴᠤ᠌ ᠪᠣᠯᠤᠨ᠎ᠠ᠃
ᠬᠢᠲᠠᠳ ᠨᠡᠷ᠎ᠡ᠄ 樟子松
ᠠᠩᠭ᠌ᠯᠢ ᠨᠡᠷ᠎ᠡ᠄ Pinus sylvestris L.var.mongolica Litv.
ᠦᠰᠦᠭ ᠠᠮᠢᠯᠠᠭᠤᠯᠤᠭᠴᠢ᠄ ᠳ᠂ ᠡᠷᠬᠢᠮᠪᠠᠭᠠᠲᠤᠷ
ᠬᠢᠨᠠᠭᠴᠢ᠄ ᠴᠠᠭᠠᠨ᠂ ᠲᠤᠶᠠᠭ᠎ᠠ
