ᠶᠠᠪᠠᠭᠠᠨ ᠨᠠᠷᠠᠰᠤЯвган нарс ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠠᠪᠠᠭᠠᠨ ᠨᠠᠷᠠᠰᠤЯвган нарс

ᠶᠠᠪᠠᠭᠠᠨ ᠨᠠᠷᠠᠰᠤЯвган нарс

2024-03-24

298

ᠶᠠᠪᠠᠭᠠᠨ ᠨᠠᠷᠠᠰᠤ( ᠪᠣᠭᠣᠨᠢ ᠨᠠᠷᠠᠰᠤ)

           ᠨᠠᠷᠠᠰᠤ ᠶ᠋ᠢᠨ ᠢᠵᠠᠭᠤᠷ 
    ᠮᠥᠩᠬᠡ ᠨᠣᠭᠣᠭᠠᠨ ᠪᠤᠲᠠᠯᠢᠭ ᠲᠤᠷᠤᠭ ᠮᠣᠳᠣ᠂ 1—6m ᠥᠨᠳᠥᠷ᠂ ᠣᠯᠠᠨ ᠰᠠᠯᠠᠭᠠᠯᠠᠵᠤ ᠬᠥᠭᠡᠨᠡᠯᠳᠦᠨ ᠤᠷᠭᠤᠳᠠᠭ ᠪᠠ ᠲᠡᠭᠦᠨ ᠦ᠌ ᠲᠣᠮᠣ ᠰᠠᠯᠠᠭ᠎ᠠ ᠮᠥᠴᠢᠷ ᠨᠢ ᠭᠠᠵᠠᠷ ᠳᠡᠭᠡᠷ᠎ᠡ ᠬᠡᠪᠲᠡᠭᠡ ᠪᠡᠷ ᠤᠷᠭᠤᠵᠤ ᠵᠥᠪᠬᠡᠨ ᠣᠷᠣᠢ ᠨᠢ ᠲᠠᠰᠢᠭᠤ ᠪᠠᠷ ᠳᠡᠭᠡᠭᠰᠢ ᠤᠷᠭᠤᠳᠠᠭ᠃ ᠬᠣᠯᠲᠣᠰᠣ ᠨᠢ ᠴᠠᠢᠪᠤᠷ ᠬᠦᠷᠡᠩ ᠪᠤᠶᠤ ᠭᠦᠨ ᠬᠦᠷᠡᠩ᠂ ᠨᠢᠮᠭᠡᠨ ᠢᠯᠲᠠᠰᠤ ᠪᠠᠷ ᠱᠠᠭᠠᠷᠠᠵᠤ ᠤᠨᠠᠨ᠎ᠠ᠃ ᠲᠤᠰ ᠵᠢᠯ ᠦ᠋ᠨ ᠮᠥᠴᠢᠷ ᠨᠢ ᠨᠣᠭᠣᠪᠲᠤᠷ ᠬᠦᠷᠡᠩ ᠪᠥᠭᠡᠳ ᠣᠬᠣᠷ ᠦᠰᠦ ᠲᠡᠢ᠃ 2—4 ᠨᠠᠰᠤᠨ ᠤ᠋ ᠮᠥᠴᠢᠷ ᠨᠢ ᠪᠣᠷᠣ ᠤᠯᠠᠭᠠᠨ ᠪᠤᠶᠤ ᠭᠦᠨ ᠬᠦᠷᠡᠩ᠃ ᠰᠢᠯᠮᠦᠦᠰᠦ ᠨᠢ ᠬᠠᠲᠠᠭᠤ᠂ ᠳᠡᠭᠡᠳᠦ ᠲᠠᠯ᠎ᠠ ᠳ᠋ᠤᠨᠢ ᠢᠯᠡᠬᠡᠨ ᠬᠡᠢ ᠶ᠋ᠢᠨ ᠠᠮᠠᠰᠠᠷ ᠤ᠋ᠨ ᠴᠤᠪᠤᠭ᠎ᠠ ᠲᠠᠢ᠂ 3.5—8.3cm ᠤᠷᠲᠤ ᠪᠠ ᠶᠡᠷᠦ ᠳ᠋ᠡᠭᠡᠨ ᠲᠠᠪᠤ ᠲᠠᠪᠤ ᠪᠠᠷ ᠪᠠᠭᠰᠢᠷᠠᠨ ᠤᠷᠭᠤᠨ᠎ᠠ᠂ 3—8 ᠰᠢᠯᠮᠦᠦᠰᠦ ᠪᠠᠭᠰᠢᠷᠠᠵᠤ ᠤᠷᠭᠤᠬᠤ ᠨᠢ ᠬᠠᠶᠠ ᠪᠣᠢ᠃ ᠨᠠᠪᠴᠢᠨ ᠤ᠋ ᠲᠣᠭᠳᠣᠢ ᠨᠢ ᠡᠷᠲᠡ ᠤᠨᠠᠨ᠎ᠠ᠃ ᠡᠷ᠎ᠡ ᠪᠠᠭ ᠴᠡᠴᠡᠭ ᠨᠢ ᠵᠤᠤᠪᠠᠩ ᠪᠥᠭᠡᠳ ᠰᠢᠷ᠎ᠠ᠃ ᠡᠮ᠎ᠡ ᠪᠠᠭ ᠴᠡᠴᠡᠭ ᠨᠢ ᠥᠨᠳᠡᠭᠡᠯᠵᠢᠨ ᠪᠥᠭᠡᠳ ᠪᠣᠷᠣ᠃ ᠪᠣᠷᠭᠣᠴᠣᠭ ᠨᠢ ᠨᠡᠯᠢᠶᠡᠳ ᠪᠠᠭ᠎ᠠ᠂ 2—4.5cm ᠤᠷᠲᠤ᠂ ᠥᠨᠳᠡᠭᠡᠯᠵᠢᠨ ᠪᠥᠭᠡᠳ ᠪᠣᠷᠣᠪᠲᠤᠷ ᠬᠦᠷᠡᠩ᠃ ᠦᠷ᠎ᠡ ᠶ᠋ᠢᠨ ᠬᠠᠢᠷᠰᠤ ᠨᠢ ᠨᠢᠮᠭᠡᠨ᠂ ᠵᠢᠭᠠᠬᠠᠨ ᠭᠦᠳᠦᠭᠦᠷ ᠲᠡᠭᠰᠢᠬᠡᠨ ᠠᠷᠤ ᠲᠠᠢ ᠪᠥᠭᠡᠳ ᠳᠣᠲᠣᠭᠰᠢ ᠮᠤᠷᠤᠢᠭᠰᠠᠨ ᠦᠵᠦᠭᠦᠷ ᠲᠡᠢ᠂ ᠬᠠᠢᠷᠰᠤᠨ ᠤ᠋ ᠬᠦᠢᠰᠦ ᠨᠢ ᠣᠷᠣᠢ ᠳ᠋ᠠᠭᠠᠨ ᠪᠠᠢᠬᠤ ᠪᠥᠭᠡᠳ ᠳᠣᠪᠣᠢᠭᠰᠠᠨ ᠦᠵᠦᠭᠦᠷ ᠲᠡᠢ᠃ ᠦᠷ᠎ᠡ ᠨᠢ ᠳᠠᠯᠠᠪᠴᠢ ᠦᠭᠡᠢ᠂ ᠭᠤᠷᠪᠠᠯᠵᠢᠨ ᠥᠨᠳᠡᠭᠡᠨ ᠬᠡᠯᠪᠡᠷᠢ ᠲᠡᠢ᠂ ᠣᠯᠠᠪᠲᠤᠷ ᠬᠦᠷᠡᠩ᠃
    ᠰᠡᠭᠦᠳᠡᠷᠯᠢᠭ ᠴᠢᠭᠢᠭᠲᠡᠢ ᠠᠭᠤᠯᠠ ᠶ᠋ᠢᠨ ᠬᠠᠵᠠᠭᠤ ᠬᠢᠭᠡᠳ ᠠᠭᠤᠯᠠ ᠶ᠋ᠢᠨ ᠣᠷᠣᠢ ᠶ᠋ᠢᠨ ᠬᠠᠳᠠᠨ ᠤ᠋ ᠵᠠᠪᠰᠠᠷ ᠲᠤ ᠤᠷᠭᠤᠨ᠎ᠠ᠃
    ᠮᠠᠨ ᠤ᠋ ᠤᠯᠤᠰ ᠤ᠋ᠨ ᠥᠪᠥᠷ ᠮᠣᠩᠭᠣᠯ᠂ ᠬᠠᠷᠠᠮᠦ᠋ᠷᠡᠨ᠂ ᠬᠢᠷᠢᠨ᠂ ᠯᠢᠶᠣᠤᠨᠢᠩ ᠵᠡᠷᠭᠡ ᠮᠣᠵᠢ ᠣᠷᠣᠨ ᠳ᠋ᠤ᠌ ᠤᠷᠭᠤᠨ᠎ᠠ᠃
ᠦᠷ᠎ᠡ ᠶ᠋ᠢᠨ ᠲᠣᠰᠣ ᠶ᠋ᠢ ᠰᠠᠪᠤᠩ᠂ ᠰᠢᠷ ᠬᠢᠬᠦ ᠳ᠋ᠦ᠍ ᠬᠡᠷᠡᠭᠯᠡᠬᠦ ᠪᠤᠶᠤ ᠲᠣᠰᠣᠯᠠᠭᠤᠷ ᠲᠣᠰᠣ ᠪᠣᠯᠭᠠᠨ ᠬᠡᠷᠡᠭᠯᠡᠨ᠎ᠡ᠂ ᠪᠠᠰᠠ ᠢᠳᠡᠵᠦ ᠪᠣᠯᠤᠨ᠎ᠠ᠃ ᠰᠢᠯᠮᠦᠦᠰᠦ ᠡᠴᠡ ᠨᠢ ᠠᠩᠬᠢᠯᠤᠮ᠎ᠠ ᠲᠣᠰᠣ ᠠᠪᠤᠨ᠎ᠠ᠃ ᠦᠵᠡᠮᠵᠢ ᠶ᠋ᠢᠨ ᠮᠣᠳᠣ ᠪᠣᠯᠭᠠᠭᠰᠠᠨ ᠴᠤ᠌ ᠪᠣᠯᠤᠨ᠎ᠠ᠃ ᠥᠨᠳᠥᠷᠯᠢᠭ ᠬᠦᠢᠲᠡᠨ ᠠᠭᠤᠯᠠ ᠶ᠋ᠢ ᠣᠢᠵᠢᠭᠤᠯᠬᠤ ᠳ᠋ᠤ᠌ ᠬᠠᠮᠤᠭ ᠤ᠋ᠨ ᠰᠠᠢᠨ᠃
ᠬᠢᠲᠠᠳ ᠨᠡᠷ᠎ᠡ᠄偃松
ᠠᠩᠭ᠌ᠯᠢ ᠨᠡᠷ᠎ᠡ᠄ Pinus pumila (PaII.) Regel

   ᠦᠰᠦᠭ ᠠᠮᠢᠯᠠᠭᠤᠯᠤᠭᠴᠢ᠄ ᠳ᠂ ᠡᠷᠬᠢᠮᠪᠠᠭᠠᠲᠤᠷ
   ᠬᠢᠨᠠᠭᠴᠢ᠄ ᠴᠠᠭᠠᠨ