1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠡᠯᠡ ᠵᠦᠭᠰᠢᠷᠡᠭᠦᠯᠬᠦ ᠦᠭᠡХэл зүгшрүүлэх үг

ᠬᠡᠯᠡ ᠵᠦᠭᠰᠢᠷᠡᠭᠦᠯᠬᠦ ᠦᠭᠡХэл зүгшрүүлэх үг

2024-03-24

2033

ᠬᠡᠯᠡ ᠵᠦᠭᠰᠢᠷᠡᠭᠦᠯᠬᠦ ᠦᠭᠡ

ᠠᠶᠠᠭᠠᠨ ᠳ᠋ᠤ᠌ ᠬᠢᠭᠰᠡᠨ ᠠᠢᠷᠠᠭ
ᠠᠢᠷᠠᠭ ᠬᠢᠭᠰᠡᠨ ᠠᠶᠠᠭ᠎ᠠ
ᠠᠶᠠᠭᠠᠨ ᠳ᠋ᠤ᠌ ᠬᠢᠭᠰᠡᠨ ᠠᠢᠷᠠᠭ
ᠠᠢᠷᠠᠭ ᠬᠢᠭᠰᠡᠨ ᠠᠶᠠᠭ᠎ᠠ
᠃ … … … … …
ᠠᠪᠤ ᠶ᠋ᠢᠨ ᠠᠯᠠᠭ ᠮᠣᠷᠢ
ᠠᠷᠭᠠᠮᠵᠢᠶ᠎ᠠ ᠪᠠᠨ ᠴᠢᠷᠦᠭᠡᠳ
ᠠᠷᠤ ᠪᠠᠷ ᠭᠠᠷᠪᠠ ᠤᠤ?
ᠥᠪᠥᠷ ᠢ᠋ᠶ᠋ᠡᠷ ᠭᠠᠷᠪᠠ ᠤᠤ?
… … … … …
ᠠᠪᠤ ᠶ᠋ᠢᠨ ᠪᠥᠮᠪᠥᠭᠡ
ᠠᠪᠠ ᠶ᠋ᠢᠨ ᠪᠥᠮᠪᠥᠭᠡ
ᠠᠪᠤ ᠶ᠋ᠢᠨ ᠪᠥᠮᠪᠥᠭᠡ
ᠠᠪᠠ ᠶ᠋ᠢᠨ ᠪᠥᠮᠪᠥᠭᠡ
᠃ … … … … …
ᠠᠷᠤ ᠶ᠋ᠢᠨ ᠵᠣ ᠶ᠋ᠢᠨ
ᠠᠯᠠᠭ ᠠᠯᠠᠭᠳᠠᠭ᠎ᠠ
ᠠᠯᠠᠭ ᠵᠣ ᠳᠡᠭᠡᠷ᠎ᠡ ᠠᠯᠬᠤᠬᠤ ᠦᠭᠡᠢ
ᠠᠷᠤ ᠶ᠋ᠢᠨ ᠵᠣ ᠳᠡᠭᠡᠷ᠎ᠡ ᠭᠦᠶᠦᠨ᠎ᠡ᠃
… … … … … … …
ᠠᠷᠤ ᠶ᠋ᠢᠨ ᠲᠡᠷᠡ ᠨᠠᠭᠤᠷ
ᠠᠷᠭ᠎ᠠ ᠦᠭᠡᠢ ᠲᠣᠮᠣ ᠨᠠᠭᠤᠷ
ᠠᠪᠳᠠᠷ᠎ᠠ ᠶ᠋ᠢᠨ ᠲᠡᠷᠡ ᠨᠢᠭᠤᠷ
ᠠᠯᠠᠭ ᠦᠭᠡᠢ ᠬᠦᠷᠡᠩ ᠨᠢᠭᠤᠷ᠃
… … … … … …
ᠠᠯᠠᠭ ᠳᠠᠭ᠎ᠠ ᠳᠣᠩᠭᠤᠷᠴᠢᠬᠯᠠᠷᠬᠠᠨ
ᠠᠷᠭᠠᠮᠵᠢ ᠳᠡᠭᠡᠰᠦ ᠣᠷᠢᠶᠠᠯᠳᠤᠴᠢᠬᠯᠠᠷᠬᠠᠨ
… … … … … …
ᠠᠪᠠ ᠶ᠋ᠢᠨ ᠠᠷᠪᠠᠨ ᠨᠣᠬᠠᠢ
ᠠᠪᠤ ᠶ᠋ᠢᠨ ᠠᠯᠠᠭ ᠨᠣᠬᠠᠢ
ᠠᠷᠤ ᠶ᠋ᠢᠨ ᠠᠷᠤ ᠲᠠᠯ᠎ᠠ ᠳ᠋ᠤ᠌
ᠠᠯᠠᠭ ᠲᠠᠤᠯᠠᠢ ᠬᠥᠭᠡᠭᠡᠨ᠎ᠡ᠃
… … … … … … …
ᠠᠪᠤ ᠶ᠋ᠢᠨ ᠠᠷᠭᠠᠯ
ᠲᠡᠭᠡᠭᠡᠭᠡᠳ ᠢᠷᠡᠭᠰᠡᠨ
ᠠᠯᠠᠭ ᠲᠡᠷᠯᠡᠨ ᠪᠤᠬ᠎ᠠ
ᠠᠷᠤ ᠪᠠᠷ ᠭᠠᠷᠪᠠ ᠤᠤ?
ᠡᠮᠦᠨ᠎ᠡ ᠪᠡᠷ ᠭᠠᠷᠪᠠ ᠤᠤ?
… … … … … … …
ᠠᠯᠲᠠ ᠠᠯᠮᠠᠰ ᠬᠣᠶᠠᠷ ᠤ᠋ᠨ
ᠠᠯᠢ ᠨᠢ ᠬᠠᠲᠠᠭᠤ ᠡᠳ᠋ ᠪᠣᠢ?
ᠠᠯᠲᠠ ᠬᠠᠲᠠᠭᠤ ᠭᠡᠬᠦ ᠳ᠋ᠦ᠍
ᠠᠯᠮᠠᠰ ᠪᠠᠰᠠ ᠬᠠᠲᠠᠭᠤ᠃
… … … … … …
ᠠᠯᠲᠠ ᠠᠷᠭᠠᠯ ᠪᠢᠰᠢ
ᠠᠷᠭᠠᠯ ᠠᠯᠲᠠ ᠮᠥᠨ᠃
… … … … … …
ᠠᠯᠲᠠ ᠶ᠋ᠢ ᠠᠯᠲᠠ
ᠠᠷᠭᠠᠯ ᠢ᠋ ᠠᠷᠭᠠᠯ
ᠠᠷᠭᠠᠯ ᠢ᠋ᠶ᠋ᠠᠷ ᠠᠯᠲᠠ ᠶ᠋ᠢ ᠰᠣᠯᠢᠵᠤ ᠪᠣᠯᠤᠨ᠎ᠠ
ᠠᠯᠲᠠ ᠪᠠᠷ ᠠᠷᠭᠠᠯ ᠬᠢᠵᠦ ᠪᠣᠯᠬᠤ ᠦᠭᠡᠢ᠃
… … … … … …
ᠠᠯᠲᠠᠨ ᠪᠥᠮᠪᠥᠭᠡ
ᠮᠥᠩᠭᠥᠨ ᠪᠥᠮᠪᠥᠭᠡ
ᠠᠯᠲᠠᠨ ᠪᠥᠮᠪᠥᠭᠡ
ᠮᠥᠩᠭᠥᠨ ᠪᠥᠮᠪᠥᠭᠡ
… … … … … …
ᠮᠥᠩᠭᠥᠨ ᠪᠥᠮᠪᠥᠭᠡ
ᠠᠯᠲᠠᠨ ᠪᠥᠮᠪᠥᠭᠡ
ᠮᠥᠩᠭᠥᠨ ᠪᠥᠮᠪᠥᠭᠡ
ᠠᠯᠲᠠᠨ ᠪᠥᠮᠪᠥᠭᠡ
… … … … … …
ᠡᠯᠢᠶ᠎ᠡ ᠡᠨᠡᠭᠦᠷ ᠡᠷᠭᠢᠨ᠎ᠡ
ᠬᠡᠷᠢᠶ᠎ᠡ ᠬᠡᠭᠡᠷ᠎ᠡ ᠪᠡᠷ ᠡᠷᠭᠢᠨ᠎ᠡ᠃
ᠡᠯᠢᠶ᠎ᠡ ᠬᠡᠷᠢᠶ᠎ᠡ ᠬᠣᠶᠠᠷ
ᠡᠷᠭᠢᠨ ᠡᠷᠭᠢᠨ ᠨᠢᠰᠦᠨ᠎ᠡ᠃
… … … … … …
ᠡᠨᠡ ᠠᠯᠲᠠᠨ ᠪᠥᠮᠪᠥᠭᠡ
ᠡᠷᠳᠡᠨᠢ ᠶ᠋ᠢᠨ ᠪᠥᠮᠪᠥᠭᠡ
ᠡᠨᠡ ᠮᠥᠩᠭᠥᠨ ᠪᠥᠮᠪᠥᠭᠡ
ᠡᠷᠳᠡᠨᠢ ᠶ᠋ᠢᠨ ᠪᠥᠮᠪᠥᠭᠡ
ᠮᠥᠩᠭᠥᠨ ᠪᠥᠮᠪᠥᠭᠡ ᠶ᠋ᠢ
ᠡᠷᠳᠡᠨᠢ ᠶ᠋ᠢᠨ ᠪᠥᠮᠪᠥᠭᠡ ᠭᠡᠬᠦ ᠶᠦᠮ ᠤᠤ? 
ᠠᠯᠲᠠᠨ ᠪᠥᠮᠪᠥᠭᠡ ᠶ᠋ᠢ
ᠡᠷᠳᠡᠨᠢ ᠶ᠋ᠢᠨ ᠪᠥᠮᠪᠥᠭᠡ ᠭᠡᠬᠦ ᠶᠦᠮ ᠤᠤ?
… … … … … …
ᠨᠢᠭᠤᠷ ᠠᠷᠴᠢᠬᠤ ᠠᠯᠴᠢᠭᠤᠷ
ᠲᠠᠷᠢᠶ᠎ᠠ ᠠᠷᠴᠢᠬᠤ ᠠᠷᠴᠢᠭᠤᠷ
ᠨᠢᠭᠤᠷ ᠠᠷᠴᠢᠬᠤ ᠠᠯᠴᠢᠭᠤᠷ
ᠲᠠᠷᠢᠶ᠎ᠠ ᠠᠷᠴᠢᠬᠤ ᠠᠷᠴᠢᠭᠤᠷ᠃
… … … … … …
ᠠᠯᠲᠠᠢ ᠬᠠᠩᠭᠠᠢ ᠶ᠋ᠢᠨ ᠠᠷᠤ ᠳ᠋ᠤ᠌
ᠠᠷᠪᠠᠨ ᠲᠦᠮᠡᠨ ᠠᠳᠤᠭᠤ ᠪᠡᠯᠴᠢᠨ᠎ᠡ
ᠲᠣᠭ᠎ᠠ ᠶ᠋ᠢ ᠨᠢ ᠠᠪᠤᠭᠰᠠᠨ ᠳᠣᠯᠣᠭ᠎ᠠ 
ᠲᠣᠪᠴᠢᠯᠠᠭᠰᠠᠨ ᠨᠢ ᠬᠣᠶᠠᠷ᠃
… … … … … …
ᠠᠯᠲᠠ ᠶ᠋ᠢ ᠠᠯᠲᠠ ᠭᠡᠬᠦ ᠦᠭᠡᠢ
ᠠᠷᠭᠠᠯ ᠢ᠋ ᠠᠯᠲᠠ ᠭᠡᠬᠦ ᠤᠤ?
ᠠᠷᠭᠠᠯ ᠢ᠋ ᠠᠷᠭᠠᠯ ᠭᠡᠬᠦ ᠦᠭᠡᠢ
ᠠᠯᠲᠠ ᠶ᠋ᠢ ᠠᠷᠭᠠᠯ ᠭᠡᠬᠦ ᠤᠤ?
… … … … … …
ᠲᠡᠷᠡ ᠠᠭᠤᠯᠠ ᠶ᠋ᠢᠨ ᠠᠷᠤ ᠤᠯᠠᠭᠠᠨ ᠤᠤ?
ᠮᠢᠨᠦ ᠭᠠᠷ ᠤ᠋ᠨ ᠠᠷᠤ ᠤᠯᠠᠭᠠᠨ ᠤᠤ?
… … … … … …
ᠵᠡᠭᠦᠨ ᠠᠭᠤᠯᠠ ᠶ᠋ᠢᠨ ᠠᠷᠤ ᠶ᠋ᠢᠨ ᠠᠢᠯ ᠣᠢᠷ᠎ᠠ ᠤᠤ?
ᠪᠠᠷᠠᠭᠤᠨ ᠠᠭᠤᠯᠠ ᠶ᠋ᠢᠨ ᠠᠷᠤ ᠶ᠋ᠢᠨ ᠠᠢᠯ ᠣᠢᠷ᠎ᠠ ᠤᠤ?
… … … … … …
ᠠᠷᠴᠢᠭᠤᠷ ᠠᠯᠴᠢᠭᠤᠷ
ᠠᠯᠴᠢᠭᠤᠷ ᠠᠷᠴᠢᠭᠤᠷ
ᠠᠷᠴᠢᠭᠤᠷ ᠠᠯᠴᠢᠭᠤᠷ
ᠠᠯᠴᠢᠭᠤᠷ ᠠᠷᠴᠢᠭᠤᠷ᠃
… … … … … …
ᠠᠷᠰᠯᠠᠨ ᠪᠠᠷᠰ ᠬᠦᠦ
ᠠᠯᠢᠶ᠎ᠠ ᠪᠥᠭᠡᠳ ᠵᠥᠷᠢᠭᠦᠦ
ᠠᠷᠲᠠᠢ ᠪᠠᠷᠲᠠᠢ ᠬᠦᠦ
ᠠᠵᠢᠯᠴᠢ ᠪᠥᠭᠡᠳ ᠶᠣᠰᠣᠷᠬᠠᠭ
ᠠᠷᠰᠯᠠᠨ ᠪᠠᠷᠰ ᠬᠦᠦ
ᠠᠢᠯᠤᠤ᠂ ᠠᠢᠯᠤᠤ᠂ ᠠᠢᠯᠤᠤ
ᠠᠷᠲᠠᠢ ᠪᠠᠷᠲᠠᠢ ᠬᠦᠦ
ᠡᠩᠬᠦᠷᠡᠢ᠂ ᠡᠩᠬᠦᠷᠡᠢ᠃

ᠠᠪᠳᠠᠷ᠎ᠠ ᠠᠪᠳᠠᠷ᠎ᠠ ᠬᠤᠪᠴᠠᠰᠤ
ᠠᠷᠲᠠᠢ ᠳᠡᠷᠳᠡᠢ ᠬᠤᠪᠴᠠᠰᠤ
ᠡᠷᠪᠡᠭᠡᠷ ᠡᠷᠪᠡᠭᠡᠷ ᠤᠭᠠᠯᠵᠠ ᠲᠠᠢ
ᠡᠪᠲᠡᠢ ᠲᠠᠪᠲᠠᠢ ᠬᠤᠪᠴᠠᠰᠤ᠃
… … … … … …
ᠡᠪᠦᠳᠦᠭ ᠢ᠋ ᠡᠪᠦᠳᠦᠭ ᠢ᠋ᠶ᠋ᠡᠷ ᠡᠪᠦᠳᠦᠭᠯᠡᠬᠦ ᠳ᠋ᠦ᠍
ᠡᠪᠦᠳᠦᠭᠯᠡᠭᠰᠡᠨ ᠡᠪᠦᠳᠦᠭ
ᠡᠪᠡᠳᠬᠦ ᠤᠤ?
ᠡᠪᠦᠳᠦᠭᠯᠡᠭᠦᠯᠦᠭᠰᠡᠨ ᠡᠪᠦᠳᠦᠭ
ᠡᠪᠡᠳᠬᠦ ᠤᠤ?
… … … … … …
ᠡᠷᠮ᠎ᠡ ᠳᠡᠭᠡᠭᠦᠷ ᠡᠷᠪᠡᠬᠡᠢ
ᠡᠷᠭᠢᠨ ᠳᠡᠭᠡᠭᠦᠷ ᠡᠯᠢᠶ᠎ᠡ
ᠡᠯᠢᠶ᠎ᠡ ᠡᠷᠪᠡᠬᠡᠢ ᠬᠣᠶᠠᠷ
ᠡᠷᠭᠢᠨ ᠲᠣᠭᠣᠷᠢᠨ ᠨᠢᠰᠦᠨ᠎ᠡ
ᠡᠶ᠎ᠡ ᠣᠯᠠᠨ ᠬᠡᠷᠢᠶ᠎ᠡ
ᠬᠡᠯᠡ ᠤᠷᠠᠨ ᠬᠡᠷᠢᠶ᠎ᠡ᠃
… … … … … …
ᠡᠷᠪᠡᠬᠡᠢ ᠡᠪᠡᠷ ᠲᠡᠢ
ᠡᠷ᠎ᠡ ᠦᠬᠡᠷ
ᠡᠷᠢᠶᠡᠨ ᠭᠣᠣᠯ ᠤ᠋ᠨ
ᠡᠷᠭᠢᠨ ᠳᠡᠭᠡᠷ᠎ᠡ
ᠡᠷᠪᠡᠭᠡᠷ ᠡᠪᠡᠷ ᠢ᠋ᠶ᠋ᠡᠨ
ᠡᠷᠭᠢᠨ ᠡᠷᠭᠢᠨ ᠪᠢᠯᠡᠭᠦᠳᠡᠨ᠎ᠡ᠃
… … … … … …
ᠡᠷᠭᠢ ᠶ᠋ᠢᠨ ᠡᠷᠢᠶᠡᠨ ᠴᠢᠯᠠᠭᠤ ᠶ᠋ᠢ
ᠡᠷᠳᠡᠨᠢ ᠪᠣᠯᠭᠠᠵᠤ ᠦᠵᠡᠬᠦ ᠪᠡᠷ
ᠡᠩᠲᠡᠢ ᠡᠷᠢᠶᠡᠨ ᠴᠠᠭᠠᠰᠤ ᠶ᠋ᠢ
ᠡᠷᠳᠡᠨᠢ ᠪᠣᠯᠭᠠᠵᠤ ᠡᠷᠬᠢᠮᠯᠡ᠃
… … … … … …
ᠣᠴᠢ ᠬᠣᠴᠢ ᠭᠤᠴᠢ ᠶ᠋ᠢ
ᠬᠣᠴᠢ ᠭᠤᠴᠢ ᠣᠴᠢ ᠭᠡᠬᠦ ᠤᠤ?
ᠭᠤᠴᠢ ᠣᠴᠢ ᠬᠣᠴᠢ ᠭᠡᠬᠦ ᠤᠤ?
… … … … … …
ᠤᠷᠲᠤ ᠤᠷᠭ᠎ᠠ ᠪᠠᠷ
ᠣᠷᠣᠭ᠎ᠠ ᠮᠣᠷᠢ ᠶ᠋ᠢ ᠪᠠᠷᠢᠨ᠎ᠠ
ᠣᠷᠣᠭ᠎ᠠ ᠮᠣᠷᠢ ᠨᠢ
ᠤᠷᠲᠤ ᠤᠷᠭ᠎ᠠ ᠳ᠋ᠤ᠌ ᠪᠠᠷᠢᠭᠳᠠᠨ᠎ᠠ᠃
… … … … … …
ᠰᠠᠢᠬᠠᠨ ᠰᠠᠢᠬᠠᠨ
ᠰᠠᠷᠠᠯ ᠤᠷᠤᠭ ᠵᠠᠭᠠᠯ ᠢᠰᠢᠭᠡ
ᠮᠠᠭᠤᠬᠠᠢ ᠮᠠᠭᠤᠬᠠᠢ
ᠮᠤᠬᠤᠷ ᠤᠷᠤᠭ ᠵᠠᠭᠠᠯ ᠢᠰᠢᠭᠡ᠃
… … … … … …
ᠳᠥᠷᠪᠡᠯᠵᠢᠨ ᠰᠦᠯᠵᠢᠭᠰᠡᠨ
ᠳᠥᠷᠦᠭᠡᠨ ᠦ᠌ ᠤᠭᠰᠠᠷᠠᠭ᠎ᠠ
ᠳᠥᠷᠪᠡ ᠪᠡᠷ ᠰᠦᠯᠵᠢᠭᠰᠡᠨ
ᠵᠢᠷᠢᠮ ᠦ᠋ᠨ ᠤᠭᠰᠠᠷᠠᠭ᠎ᠠ᠃
ᠤᠷᠤᠭᠤᠯ ᠤ᠋ᠨ ᠤᠷᠠᠨ
ᠤᠬᠠᠭᠠᠨ ᠤ᠋ ᠤᠷᠠᠨ
ᠤᠷᠤᠭᠤᠯ ᠤ᠋ᠨ ᠤᠷᠠᠨ ᠠ᠋ᠴᠠ
ᠤᠬᠠᠭᠠᠨ ᠤ᠋ ᠤᠷᠠᠨ ᠳᠡᠭᠡᠷ᠎ᠡ᠃
… … … … … …
ᠥᠷᠥᠯᠪᠢ ᠰᠢᠪᠠᠭᠤ
ᠥᠷᠪᠡᠯᠭᠡ ᠥᠳᠥ ᠪᠡᠨ
ᠥᠷᠯᠥᠭᠡ ᠪᠦᠷᠢ
ᠥᠷᠪᠥᠯᠵᠡᠭᠦᠯᠦᠨ ᠵᠠᠰᠠᠨ᠎ᠠ᠃
… … … … … …
ᠨᠢᠳᠦ ᠰᠢᠲᠦ ᠬᠣᠶᠠᠷ ᠤ᠋ᠨ
ᠨᠢᠳᠦ ᠨᠢ ᠰᠢᠳᠦ ᠪᠡᠨ ᠦᠵᠡᠬᠦ ᠦᠭᠡᠢ
ᠰᠢᠲᠦ ᠨᠢ ᠨᠢᠳᠦ ᠪᠡᠨ ᠬᠠᠵᠠᠬᠤ ᠦᠭᠡᠢ᠃
… … … … … …
ᠪᠠᠭᠠᠯ ᠪᠠᠭᠠᠪᠠᠭᠠᠢ ᠪᠠᠷᠰ ᠭᠤᠷᠪᠠ ᠶ᠋ᠢᠨ 
ᠪᠠᠭᠠᠯ ᠨᠢ ᠪᠠᠭᠠᠰᠢᠯᠠᠨ ᠭᠠᠰᠠᠯᠤᠨ᠎ᠠ 
ᠪᠠᠭᠠᠪᠠᠭᠠᠢ ᠨᠢ ᠪᠠᠯᠪᠠᠭᠠᠨᠠᠨ ᠣᠷᠢᠯᠠᠨ᠎ᠠ 
ᠪᠠᠷᠰ ᠨᠢ ᠪᠠᠷᠬᠢᠷᠠᠨ ᠬᠦᠷᠬᠢᠷᠡᠨ᠎ᠡ᠃
… … … … … …
ᠪᠣᠷᠣᠭᠴᠢ ᠭᠡᠭᠦᠦ ᠶ᠋ᠢᠨ ᠪᠣᠷᠣ ᠤᠨᠠᠭ᠎ᠠ 
ᠪᠤᠲᠠ ᠲᠡᠮᠡᠭᠡᠨ ᠦ᠌ ᠪᠣᠷᠣ ᠪᠣᠲᠣᠭᠣ
ᠪᠣᠷᠣ ᠤᠨᠠᠭ᠎ᠠ ᠪᠣᠷᠣ ᠪᠣᠲᠣᠭᠣ
ᠪᠤᠲᠠ ᠶ᠋ᠢ ᠲᠣᠭᠣᠷᠢᠨ ᠲᠣᠭᠯᠠᠨ᠎ᠠ᠃
… … … … … …
ᠪᠦᠲᠦᠨ᠎ᠡ ᠪᠦᠯᠦᠭ ᠪᠦᠯᠦᠭ ᠢ᠋ᠶ᠋ᠡᠷ ᠪᠥᠭᠡᠮᠨᠡᠷᠡᠨ ᠪᠥᠭᠡᠮᠨᠡᠷᠡᠨ᠎ᠡ
ᠪᠦᠯᠦᠭ ᠪᠦᠯᠦᠭ ᠢ᠋ᠶ᠋ᠡᠷ ᠪᠦᠲᠦᠨ᠎ᠡ ᠪᠥᠭᠡᠮᠨᠡᠷᠡᠨ ᠪᠥᠭᠡᠮᠨᠡᠷᠡᠨ᠎ᠡ᠃
… … … … … …
ᠪᠥᠮᠪᠥᠭᠡ ᠪᠥᠮᠪᠥᠭᠡ ᠪᠥᠮᠪᠥᠷᠢᠨ᠎ᠡ
ᠪᠥᠮᠪᠥᠷ ᠪᠥᠮᠪᠥᠷ ᠪᠥᠮᠪᠥᠷᠳᠡᠨ᠎ᠡ
ᠪᠥᠮᠪᠥᠷ ᠪᠥᠮᠪᠥᠷᠳᠡᠨ᠎ᠡ
ᠪᠥᠮᠪᠥᠭᠡ ᠪᠥᠮᠪᠥᠷᠢᠨ᠎ᠡ᠃
… … … … … …
ᠬᠡᠭᠡᠷ ᠠᠵᠢᠷᠭ᠎ᠠ ᠶ᠋ᠢᠨ
ᠭᠡᠭᠡᠭᠴᠢ ᠭᠡᠭᠦᠦ
ᠬᠡᠭᠡᠷ᠎ᠡ ᠲᠠᠯ᠎ᠠ ᠳ᠋ᠤ᠌
ᠬᠡᠭᠡᠷ ᠤᠨᠠᠭ᠎ᠠ ᠤᠨᠠᠭᠠᠯᠠᠵᠠᠢ᠃
… … … … … …
ᠬᠡᠯᠡᠭᠡᠢ ᠨᠢ ᠬᠡᠯᠡᠭᠡᠢ ᠪᠣᠯᠪᠠᠴᠤ
ᠬᠡᠯᠡᠭᠰᠡᠭᠡᠷ ᠬᠡᠯᠡᠭᠰᠡᠭᠡᠷ ᠪᠠᠢᠭᠠᠳ
ᠬᠡᠯᠡ ᠨᠢ ᠵᠦᠭᠰᠢᠷᠡᠵᠦ
ᠬᠡᠯᠡᠭᠡᠢ ᠨᠢ ᠭᠠᠷᠤᠨ᠎ᠠ᠃
… … … … … …
ᠬᠦᠷᠡᠯ ᠢᠯᠢᠭᠦᠷ᠂
ᠪᠣᠯᠣᠷ ᠰᠣᠷᠣᠭᠤᠯ
ᠢᠯᠢᠭᠦᠷ ᠪᠣᠯᠣᠷ᠂
ᠰᠣᠷᠣᠭᠤᠯ ᠬᠦᠷᠡᠯ
ᠪᠣᠯᠣᠷ ᠰᠣᠷᠣᠭᠤᠯ᠂
ᠬᠦᠷᠡᠯ ᠢᠯᠢᠭᠦᠷ
ᠰᠣᠷᠣᠭᠤᠯ ᠬᠦᠷᠡᠯ᠂
ᠢᠯᠢᠭᠦᠷ ᠪᠣᠯᠣᠷ᠃
… … … … … …
ᠬᠤᠷ ᠳᠡᠯ ᠲᠡᠢ ᠬᠣᠯᠠ ᠮᠣᠷᠢ
ᠬᠤᠷᠳᠤ ᠰᠠᠢᠲᠠᠢ ᠪᠣᠷᠣ ᠮᠣᠷᠢ᠃
… … … … … …
ᠮᠥᠩᠭᠥ ᠮᠥᠩᠬᠡ
ᠮᠥᠩᠬᠡ ᠮᠥᠩᠭᠥ ᠪᠢᠰᠢ
ᠮᠥᠩᠭᠥ ᠮᠥᠩᠬᠡ
ᠮᠥᠩᠭᠥ ᠮᠥᠩᠬᠡ ᠪᠢᠰᠢ᠃
… … … … … …
ᠰᠠᠪᠠᠷ ᠢ᠋ ᠬᠤᠰᠤ ᠪᠠᠷ ᠵᠣᠷᠭᠣᠨ᠎ᠠ
ᠰᠢᠪᠠᠷ ᠢ᠋ ᠤᠰᠤ ᠪᠠᠷ ᠵᠢᠭᠤᠷᠠᠨ᠎ᠠ᠃
… … … … … …
ᠰᠢᠷᠡᠮᠦᠨ ᠲᠣᠭᠣᠭ᠎ᠠ
ᠰᠢᠷᠢᠮᠡᠯ ᠰᠢᠷᠢᠳᠡᠭ
ᠰᠢᠷᠢᠨ ᠪᠣᠭᠴᠣ
ᠰᠢᠯ ᠦ᠋ᠨ ᠪᠥᠭᠡᠵᠢ᠃
… … … … … …
ᠰᠣᠯᠢᠵᠤ ᠪᠠᠷᠢᠭᠰᠠᠨ ᠭᠡᠷ
ᠰᠣᠩᠭᠣᠵᠤ ᠲᠠᠷᠢᠭᠰᠠᠨ ᠦᠷ᠎ᠡ
ᠰᠢᠯᠢᠵᠦ ᠣᠯᠤᠭᠰᠠᠨ ᠱ᠌ᠢᠷᠦ
ᠰᠢᠷᠢᠵᠦ ᠣᠶᠣᠭᠰᠠᠨ ᠰᠢᠷᠢᠳᠡᠭ᠃
… … … … … …
ᠪᠣᠯᠣᠷ ᠲᠤᠩᠭᠠᠯᠠᠭ
ᠪᠤᠯᠠᠭ ᠲᠤᠩᠭᠠᠯᠠᠭ
ᠪᠣᠯᠣᠷ ᠪᠤᠯᠠᠭ
ᠪᠦᠷ ᠲᠤᠩᠭᠠᠯᠠᠭ᠃
… … … … … …
ᠴᠠᠭᠠᠨ ᠤᠯᠠᠭᠠᠨ ᠬᠣᠶᠠᠷ ᠲᠤᠩ ᠤ᠋ᠨ
ᠴᠠᠭᠠᠨ ᠨᠢ ᠶᠠᠭᠠᠨ ᠳᠣᠲᠣᠷ ᠲᠠᠢ
ᠤᠯᠠᠭᠠᠨ ᠨᠢ ᠴᠠᠭᠠᠨ ᠳᠣᠲᠣᠷ ᠲᠠᠢ᠃
… … … … … …
ᠲᠠᠨ ᠤ᠋ ᠮᠤᠬᠤᠷ ᠤᠯᠠᠭᠠᠨ ᠬᠤᠴᠠ ᠶ᠋ᠢᠨ
ᠡᠪᠡᠷ ᠮᠤᠰᠬᠢᠯᠳᠤᠭᠤᠷ ᠤᠤ? ᠳᠣᠰᠬᠢᠯᠳᠤᠭᠤᠷ ᠤᠤ?
ᠮᠠᠨ ᠤ᠋ ᠮᠤᠬᠤᠷ ᠤᠯᠠᠭᠠᠨ ᠬᠤᠴᠠ ᠶ᠋ᠢᠨ
ᠡᠪᠡᠷ ᠮᠤᠰᠬᠢᠯᠳᠤᠭᠤᠷ ᠤᠤ? ᠳᠤᠰᠬᠢᠯᠳᠤᠭᠤᠷ ᠤᠤ?
… … … … … …
ᠭᠦᠶᠦᠳᠡᠯ ᠲᠡᠢ ᠭᠦᠶᠦᠳᠡᠯ ᠦᠭᠡᠢ ᠮᠣᠷᠢ ᠶ᠋ᠢ 
ᠭᠦᠶᠦᠯᠭᠡᠵᠦ ᠪᠠᠢᠭᠠᠳ ᠭᠦᠶᠦᠳᠡᠯ ᠢ᠋ ᠮᠡᠳᠡᠨ᠎ᠡ 
ᠭᠦᠶᠦᠯᠭᠡᠵᠦ ᠦᠵᠡᠬᠦ ᠦᠭᠡᠢ ᠪᠣᠯ 
ᠭᠦᠶᠦᠳᠡᠯ ᠲᠡᠢ ᠭᠦᠶᠦᠳᠡᠯ ᠦᠭᠡᠢ ᠶ᠋ᠢ ᠨᠢ ᠮᠡᠳᠡᠬᠦ ᠦᠭᠡᠢ᠃
… … … … … …
ᠬᠡᠨ ᠬᠡᠨ ᠢ᠋ᠶ᠋ᠡᠨ ᠬᠡᠯᠡᠵᠦ
ᠬᠡᠯᠡ ᠤᠷᠤᠭᠤᠯ ᠢ᠋ᠶ᠋ᠠᠨ ᠤᠷᠤᠯᠳᠤᠵᠤ ᠪᠠᠢ 
ᠬᠡᠯᠡ ᠤᠷᠤᠭᠤᠯ ᠢ᠋ᠶ᠋ᠠᠨ ᠬᠠᠮᠬᠢᠵᠤ
ᠬᠡᠨ ᠬᠡᠨ ᠢ᠋ᠶ᠋ᠡᠨ ᠬᠡᠯᠡᠬᠦ ᠦᠭᠡᠢ ᠪᠣᠯ
ᠬᠡᠨ ᠬᠡᠨ ᠳ᠋ᠡᠭᠡᠨ ᠲᠤᠰᠠ ᠲᠠᠢ᠃

      ᠷᠢ᠊· ᠴᠦᠯᠲᠦᠮᠰᠥ᠋ᠷᠦᠩ ᠦ᠋ᠨ ᠡᠮᠬᠢᠳᠬᠡᠵᠦ ᠬᠡᠯᠡ ᠰᠢᠨᠵᠢᠯᠡᠯ ᠦ᠋ᠨ ᠤᠬᠠᠭᠠᠨ ᠤ᠋ ᠳ᠋ᠣᠺᠲ᠋ᠣᠷ ᠬᠣ·ᠰᠠᠮᠫᠢᠯᠳᠡᠩᠳᠡᠪ᠂ ᠳᠡᠳ᠋ ᠳ᠋ᠣᠺᠲ᠋ᠣᠷ ᠭᠤ· ᠭᠠᠩᠳᠣᠭᠳᠤᠬᠤ ᠨᠠᠷ ᠬᠢᠨᠠᠵᠤ ᠮᠣᠩᠭᠣᠯ ᠤᠯᠤᠰ ᠤ᠋ᠨ ᠰᠢᠨᠵᠢᠯᠡᠬᠦ ᠤᠬᠠᠭᠠᠨ ᠪᠣᠯᠪᠠᠰᠤᠷᠠᠯ ᠤ᠋ᠨ ᠶᠠᠮᠤᠨ ᠠ᠋ᠴᠠ1996 ᠣᠨ ᠳ᠋ᠤ᠌ ᠬᠡᠪᠯᠡᠭᠦᠯᠦᠭᠰᠡᠨ《 ᠮᠣᠩᠭᠣᠯ ᠠᠷᠠᠳ ᠤ᠋ᠨ ᠠᠮᠠᠨ ᠵᠣᠬᠢᠶᠠᠯ ᠤ᠋ᠨ ᠤᠩᠰᠢᠬᠤ ᠪᠢᠴᠢᠭ10 ᠠ᠋ᠴᠠ ᠪᠠᠭᠤᠯᠭᠠᠪᠠ᠃

   ᠦᠰᠦᠭ ᠠᠮᠢᠯᠠᠭᠤᠯᠤᠭᠴᠢ᠄ ᠫᠤ· ᠴᠠᠭᠠᠨ
   ᠦᠰᠦᠭ ᠬᠢᠨᠠᠭᠴᠢ᠄ ᠨᠠᠷᠠᠨᠲᠤᠶᠠᠭ᠎ᠠ