ᠨᠣᠬᠠᠢ ᠬᠤᠰᠢнохой хош ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠣᠬᠠᠢ ᠬᠤᠰᠢнохой хош

ᠨᠣᠬᠠᠢ ᠬᠤᠰᠢнохой хош

2024-03-23

376

ᠨᠣᠬᠠᠢ ᠬᠤᠰᠢ

          ᠨᠠᠷᠠᠰᠤ ᠶ᠋ᠢᠨ ᠢᠵᠠᠭᠤᠷ
    ᠮᠥᠩᠬᠡ ᠨᠣᠭᠣᠭᠠᠨ ᠲᠣᠮᠣ ᠲᠤᠷᠤᠭ ᠮᠣᠳᠣ᠂ 40m ᠬᠢᠷᠢ ᠥᠨᠳᠥᠷ᠂ ᠳ᠋ᠢᠶᠠᠮᠧᠲ᠋ᠷ ᠨᠢ 1.5m ᠪᠣᠯᠳᠠᠭ᠃ ᠬᠣᠯᠲᠣᠰᠣ ᠨᠢ ᠬᠦᠷᠡᠩ ᠤᠯᠠᠭᠠᠨ ᠪᠤᠶᠤ ᠪᠦᠳᠡᠭᠢ ᠤᠯᠠᠪᠤᠷ᠂ ᠭᠤᠯᠳᠤ ᠪᠠᠷ ᠬᠡᠰᠡᠭ ᠬᠡᠰᠡᠭ ᠢ᠋ᠶ᠋ᠡᠷ ᠱᠠᠭᠠᠷᠠᠵᠤ ᠤᠨᠠᠨ᠎ᠠ᠃ ᠮᠥᠴᠢᠷ ᠨᠢ ᠬᠦᠷᠡᠩ ᠤᠯᠠᠭᠠᠨ᠂ ᠭᠡᠪᠡᠴᠦ ᠬᠠᠪᠤᠷ ᠤ᠋ᠨ ᠮᠥᠴᠢᠷ ᠨᠢ ᠤᠯᠠᠪᠤᠷ ᠰᠢᠷ᠎ᠠ ᠪᠤᠶᠤ ᠰᠢᠷ᠎ᠠ ᠬᠦᠷᠡᠩ᠃ ᠰᠢᠯᠮᠦᠦᠰᠦ ᠨᠢ ᠨᠠᠷᠢᠬᠠᠨ ᠤᠷᠲᠤ ᠮᠥᠷᠲᠡᠭᠡᠨ ᠵᠥᠭᠡᠯᠡᠨ᠂ ᠰᠣᠷᠭᠣᠭ ᠨᠣᠭᠣᠭᠠᠨ᠂10—20cm ᠤᠷᠲᠤ᠂ ᠶᠡᠷᠦ ᠳ᠋ᠡᠭᠡᠨ ᠬᠣᠶᠠᠷ ᠬᠣᠶᠠᠷ ᠢ᠋ᠶ᠋ᠠᠷ ᠨᠢᠭᠡ ᠪᠠᠭᠴᠠ ᠪᠣᠯᠤᠨ ᠤᠷᠭᠤᠵᠤ᠂ ᠭᠤᠷᠪᠠ ᠭᠤᠷᠪᠠ ᠪᠠᠷ ᠨᠢᠭᠡ ᠪᠠᠭᠴᠠ ᠪᠣᠯᠵᠤ ᠤᠷᠭᠤᠬᠤ ᠨᠢ ᠬᠣᠪᠣᠷ ᠶᠤᠮ᠃ ᠨᠠᠪᠴᠢᠨ ᠤ᠋ ᠲᠣᠭᠳᠣᠢ ᠨᠢ ᠮᠥᠩᠬᠡ ᠣᠷᠣᠰᠢᠨ᠎ᠠ᠃ ᠡᠷ᠎ᠡ ᠪᠠᠭ ᠴᠡᠴᠡᠭ ᠨᠢ ᠰᠢᠷ᠎ᠠ᠂ ᠥᠨᠳᠡᠭᠡᠯᠵᠢᠨ ᠵᠤᠤᠪᠠᠩ ᠠ᠋ᠴᠠ ᠪᠥᠭᠡᠷᠡᠩᠬᠡᠢ ᠪᠠᠭᠠᠨ᠎ᠠ ᠶ᠋ᠢᠨ ᠬᠣᠭᠣᠷᠣᠨᠳᠣᠬᠢ ᠬᠡᠯᠪᠡᠷᠢ ᠲᠡᠢ ᠪᠥᠭᠡᠳ ᠬᠡᠳᠦ ᠬᠡᠳᠦ ᠪᠡᠷ ᠪᠠᠭᠯᠠᠷᠠᠨ ᠤᠷᠭᠤᠨ᠎ᠠ᠃ ᠡᠮ᠎ᠡ ᠪᠠᠭ ᠴᠡᠴᠡᠭ ᠨᠢ ᠥᠨᠳᠡᠭᠡᠯᠵᠢᠨ᠂ ᠮᠢᠬᠠᠨ ᠤᠯᠠᠭᠠᠨ ᠥᠩᠭᠡᠲᠡᠢ᠃ ᠪᠣᠷᠭᠣᠴᠣᠭ ᠨᠢ ᠥᠨᠳᠡᠭᠡ ᠰᠢᠭ ᠱᠣᠷᠣᠯᠵᠢᠨ᠂4—7cm ᠤᠷᠲᠤ᠂ ᠳ᠋ᠢᠶᠠᠮᠧᠲ᠋ᠷ ᠨᠢ2.5—4cm᠂ ᠪᠣᠯᠪᠠᠰᠤᠷᠠᠪᠠᠯ ᠡᠯᠢᠭᠡᠨ ᠬᠦᠷᠡᠩ ᠪᠣᠯᠤᠨ᠎ᠠ᠂ ᠮᠥᠴᠢᠷ ᠦ᠋ᠨ ᠦᠶ᠎ᠡ ᠳ᠋ᠦ᠍ ᠭᠠᠭᠴᠠᠭᠠᠷ ᠪᠤᠶᠤ ᠬᠣᠶᠠᠷ ᠠ᠋ᠴᠠ ᠳᠡᠭᠡᠭᠰᠢ ᠪᠡᠷ ᠪᠠᠭᠯᠠᠷᠠᠨ ᠰᠠᠭᠤᠨ᠎ᠠ᠃ ᠦᠷ᠎ᠡ ᠶ᠋ᠢᠨ ᠬᠠᠢᠷᠰᠤ ᠨᠢ ᠲᠡᠭᠰᠢᠬᠡᠨ ᠪᠠᠮᠪᠠᠢ ᠬᠡᠯᠪᠡᠷᠢ ᠲᠡᠢ ᠪᠣᠯᠪᠠᠴᠤ ᠳᠡᠭᠡᠷ᠎ᠡ ᠨᠢ ᠬᠢᠩᠭ᠎ᠠ ᠶᠠᠰᠤ ᠰᠢᠭ᠋ ᠪᠥᠭᠡᠳ ᠰᠠᠴᠤᠷᠠᠭᠰᠠᠨ ᠪᠠᠬᠠᠨ ᠭᠦᠳᠦᠭᠦᠷ ᠲᠡᠢ᠂ ᠲᠡᠭᠦᠨ ᠦ᠌ ᠬᠦᠢᠰᠦ ᠨᠢ ᠬᠣᠲᠣᠢᠭᠰᠠᠨ ᠪᠤᠶᠤ ᠵᠢᠭᠠᠬᠠᠨ ᠳᠣᠪᠣᠭᠣᠷ᠂ ᠥᠷᠭᠡᠰᠦ ᠦᠭᠡᠢ᠃ ᠦᠷ᠎ᠡ ᠨᠢ5—7mm ᠤᠷᠲᠤ᠂ ᠤᠷᠲᠤᠪᠲᠤᠷ ᠥᠨᠳᠡᠭᠡᠯᠵᠢᠨ᠂ 2cm ᠬᠢᠷᠢ ᠤᠷᠲᠤ ᠳᠠᠯᠠᠪᠴᠢ ᠲᠠᠢ᠃
    ᠮᠠᠰᠢ ᠭᠡᠷᠡᠯᠰᠡᠭ ᠮᠣᠳᠣ᠃ ᠭᠠᠩ ᠬᠠᠭᠤᠷᠠᠢ ᠤᠯᠠᠭᠠᠨ ᠬᠥᠷᠥᠰᠥ ᠪᠤᠶᠤ ᠨᠠᠩᠭᠢ ᠬᠥᠷᠥᠰᠥᠲᠦ ᠠᠭᠤᠯᠠ ᠪᠠᠷ ᠰᠠᠢᠨ ᠤᠷᠭᠤᠨ᠎ᠠ᠃ ᠬᠤᠪᠠᠬᠠᠢ ᠠᠭᠤᠯᠠ ᠶ᠋ᠢ ᠣᠢᠵᠢᠭᠤᠯᠬᠤ ᠳ᠋ᠤ᠌ ᠬᠣᠰᠢᠭᠤᠴᠢ ᠮᠣᠳᠣ ᠪᠣᠯᠭᠠᠳᠠᠭ᠃
    ᠮᠠᠨ ᠤ᠋ ᠤᠯᠤᠰ ᠤ᠋ᠨ ᠣᠯᠠᠩᠬᠢ ᠮᠣᠵᠢ ᠣᠷᠣᠨ ᠳ᠋ᠤ᠌ ᠪᠦᠷ ᠤᠷᠭᠤᠳᠠᠭ᠃ ᠥᠪᠥᠷ ᠮᠣᠩᠭᠣᠯ ᠳ᠋ᠤ᠌ ᠪᠣᠯ ᠴᠡᠴᠡᠷᠯᠢᠭ ᠲᠤ ᠵᠠᠢᠯᠠᠵᠤ ᠪᠣᠢ᠃
ᠮᠣᠳᠣ ᠶ᠋ᠢ ᠨᠢ ᠪᠠᠷᠢᠯᠭ᠎ᠠ ᠵᠡᠷᠭᠡ ᠳ᠋ᠦ᠍ ᠬᠡᠷᠡᠭᠯᠡᠨ᠎ᠡ᠃ ᠮᠠᠨ ᠤ᠋ ᠤᠯᠤᠰ ᠤ᠋ᠨ ᠳᠠᠪᠠᠷᠬᠠᠢ ᠬᠢᠭᠡᠳ ᠳᠠᠪᠠᠷᠬᠠᠢ ᠶ᠋ᠢᠨ ᠲᠣᠰᠣ ᠶ᠋ᠢᠨ ᠭᠣᠣᠯ ᠢᠷᠡᠯᠲᠡ ᠶ᠋ᠢᠨ ᠨᠢᠭᠡ ᠶᠦᠮ᠃ ᠰᠢᠯᠮᠦᠦᠰᠦ᠂ ᠵᠢᠮᠢᠰ ᠡᠴᠡ ᠨᠢ ᠠᠩᠬᠢᠯᠤᠮ᠎ᠠ ᠲᠣᠰᠣ ᠠᠪᠴᠤ ᠪᠣᠯᠤᠨ᠎ᠠ᠃ ᠦᠷ᠎ᠡ ᠡᠴᠡ ᠨᠢ ᠪᠠᠰᠠ ᠢᠳᠡᠰᠢᠨ ᠲᠣᠰᠣ ᠰᠢᠬᠠᠵᠤ ᠠᠪᠳᠠᠭ᠃ ᠤᠷᠭᠤᠮᠠᠯ ᠤ᠋ᠨ ᠡᠯ᠎ᠡ ᠬᠡᠰᠡᠭ ᠨᠢ ᠪᠦᠷ ᠡᠮ ᠳ᠋ᠦ᠍ ᠣᠷᠣᠨ᠎ᠠ᠃
ᠬᠢᠲᠠᠳ ᠨᠡᠷ᠎ᠡ᠄马尾松
ᠠᠩᠭ᠌ᠯᠢ ᠨᠡᠷ᠎ᠡ᠄ Pinus massoniana Lamb.
   
ᠦᠰᠦᠭ ᠠᠮᠢᠯᠠᠭᠤᠯᠤᠭᠴᠢ᠄  ᠡᠷᠬᠢᠮᠪᠠᠭᠠᠲᠤᠷ
   
ᠬᠢᠨᠠᠭᠴᠢ᠄ ᠴᠠᠭᠠᠨ ᠲᠤᠶᠠᠭ᠎ᠠ