ᠰᠢᠨ᠎ᠡ ᠳᠤᠮᠳᠠᠳᠤ ᠤᠯᠤᠰ ᠤᠨ ᠤᠷᠠᠨ ᠪᠢᠴᠢᠯᠭᠡᠳᠡᠳ -<ᠨᠢᠭᠡ>1949 ᠣᠨ ᠠᠴᠠ ᠡᠮᠦᠨ᠎ᠡ ᠮᠡᠨᠳᠦᠯᠡᠭᠰᠡᠳ - ᠡᠷᠳᠡᠨᠢᠪᠥ᠋ᠬᠡ Шинэ дундад улсын уран бичлэгдэд -<1>1949 оноос өмнө мэндэлсэд - Эрдэнэбөх
<ᠨᠢᠭᠡ> 1949 ᠣᠨ ᠠᠴᠠ ᠡᠮᠦᠨ᠎ᠡ ᠮᠡᠨᠳᠦᠯᠡᠭᠰᠡᠨ ᠤᠷᠠᠨ ᠪᠢᠴᠢᠯᠭᠡᠲᠡᠳ
—— ᠡᠷᠳᠡᠨᠢᠪᠥ᠋ᠬᠡ
ᠡᠷᠳᠡᠨᠢᠪᠥ᠋ᠬᠡ ᠂ ( 1924 — 2003 ) ᠡᠷᠡᠭᠲᠡᠢ᠂ ᠮᠣᠩᠭᠣᠯ ᠦᠨᠳᠦᠰᠦᠲᠡᠨ᠂ ᠤᠤᠯ ᠤ᠋ᠨ ᠵᠢᠷᠢᠮ ᠠᠢᠮᠠᠭ ᠤ᠋ᠨ ᠬᠣᠷᠴᠢᠨ ᠵᠡᠭᠦᠨ ᠭᠠᠷᠤᠨ ᠬᠣᠢᠲᠤ ᠬᠤᠰᠢᠭᠤᠨ ᠤ᠋ ᠬᠥᠮᠦᠨ᠃
ᠨᠢᠭᠡ ᠡᠷᠳᠡᠨᠢᠪᠥ᠋ᠬᠡ ᠶ᠋ᠢᠨ ᠠᠮᠢᠳᠤᠷᠠᠯ ᠬᠢᠭᠡᠳ ᠤᠷᠠᠨ ᠪᠢᠴᠢᠯᠭᠡ ᠶ᠋ᠢᠨ ᠵᠠᠮ
1924 ᠣᠨ ᠤ᠋ 2 ᠰᠠᠷ᠎ᠠ ᠶ᠋ᠢᠨ 1 ᠦ᠌ ᠡᠳᠦᠷ ᠥᠪᠥᠷ ᠮᠣᠩᠭᠣᠯ ᠤ᠋ᠨ ᠲᠦᠩᠯᠢᠶᠣᠣ ᠬᠣᠲᠠ ᠶ᠋ᠢᠨ ᠬᠣᠷᠴᠢᠨ ᠵᠡᠭᠦᠨ ᠭᠠᠷᠤᠨ ᠬᠣᠢᠲᠤ ᠬᠤᠰᠢᠭᠤᠨ ᠤ᠋ ᠴᠢᠯᠠᠭᠤᠲᠤ ᠰᠤᠮᠤ ᠶ᠋ᠢᠨ ᠭᠠᠯᠳᠠᠴᠢ ᠠᠢᠯ ᠤ᠋ᠨ ᠲᠠᠷᠢᠶᠠᠴᠢᠨ ᠠᠯᠲᠠᠨᠰᠠᠩ ᠤ᠋ᠨ ᠤᠤᠭᠠᠨ ᠬᠦᠦ ᠪᠣᠯᠤᠨ ᠵᠠᠶᠠᠭᠠᠪᠠ᠃10 ᠨᠠᠰᠤᠲᠠᠢ ᠳ᠋ᠤ᠌ ᠪᠠᠨ ᠭᠡᠷ ᠦ᠋ᠨ ᠰᠤᠷᠭᠠᠭᠤᠯᠢ ᠳ᠋ᠤ᠌ ᠬᠤᠸᠠᠩᠴᠢᠨᠪᠥᠤ ᠪᠠᠭᠰᠢ ᠶ᠋ᠢᠨ ᠱᠠᠪᠢ ᠪᠣᠯᠵᠤ 3 ᠵᠢᠯ ᠮᠠᠨᠵᠤ ᠮᠣᠩᠭᠣᠯ ᠪᠢᠴᠢᠭ ᠰᠤᠷᠬᠤ ᠶ᠋ᠢᠨ ᠳᠠᠭᠠᠤ ᠦᠰᠦᠨ ᠪᠢᠷ ᠢ᠋ ᠰᠢᠮᠳᠠᠨ ᠰᠤᠷᠤᠯᠴᠠᠭᠰᠠᠨ ᠠ᠋ᠴᠠ ᠪᠢᠴᠢᠯᠭᠡ ᠶ᠋ᠢᠨ ᠮᠡᠷᠭᠡᠵᠢᠯ ᠨᠢ ᠮᠠᠰᠢ ᠳᠡᠭᠡᠭᠰᠢᠯᠡᠵᠡᠢ᠃ ᠠᠷᠪᠠᠨ ᠳᠣᠯᠣᠭᠠᠨ ᠨᠠᠰᠤᠲᠠᠢ ᠳ᠋ᠤ᠌ ᠪᠠᠨ ᠲᠦᠩᠯᠢᠶᠣᠣ ᠬᠣᠲᠠ ᠶ᠋ᠢᠨ ᠪᠦᠷᠢᠨ ᠪᠠᠭ᠎ᠠ ᠰᠤᠷᠭᠠᠭᠤᠯᠢ ᠳ᠋ᠤ᠌ ᠰᠤᠷᠤᠯᠴᠠᠨ᠂ ᠬᠣᠷᠢᠨ ᠨᠠᠰᠤᠲᠠᠢ ᠳ᠋ᠤ᠌ ᠪᠠᠨ ᠤᠯᠠᠭᠠᠨᠬᠠᠳᠠ ᠳ᠋ᠠᠬᠢ ᠪᠠᠭᠰᠢ ᠶ᠋ᠢᠨ ᠰᠤᠷᠭᠠᠭᠤᠯᠢ ᠶ᠋ᠢ ᠲᠡᠭᠦᠰᠬᠡᠭᠡᠳ ᠲᠦᠩᠯᠢᠶᠣᠣ ᠶ᠋ᠢᠨ ᠪᠦᠷᠢᠨ ᠪᠠᠭ᠎ᠠ ᠰᠤᠷᠭᠠᠭᠤᠯᠢ ᠳ᠋ᠤ᠌ ᠪᠠᠭᠰᠢᠯᠠᠵᠠᠢ᠃
1949 —1951ᠣᠨ ᠳ᠋ᠤ᠌ ᠬᠣᠰᠢᠭᠤ ᠨᠤᠲᠤᠭ ᠤ᠋ᠨ ᠢ᠋ᠶ᠋ᠠᠨ ᠪᠠᠭ᠎ᠠ ᠰᠤᠷᠭᠠᠭᠤᠯᠢ ᠳ᠋ᠤ᠌ ᠪᠠᠭᠰᠢᠯᠠᠵᠤ᠂ 1951 — 1973 ᠣᠨ ᠳ᠋ᠤ᠌ ᠬᠦᠷᠢᠶ᠎ᠡ ᠬᠤᠰᠢᠭᠤᠨ ᠤ᠋ ᠲᠤᠷᠰᠢᠯᠲᠠ ᠶ᠋ᠢᠨ ᠪᠠᠭ᠎ᠠ ᠰᠤᠷᠭᠠᠭᠤᠯᠢ ᠳ᠋ᠤ᠌ ᠪᠠᠭᠰᠢᠯᠠᠨ᠂ ᠬᠢᠴᠢᠶᠡᠯ ᠬᠥᠮᠦᠵᠢᠯ ᠦ᠋ᠨ ᠡᠷᠬᠢᠯᠡᠭᠴᠢ᠂ ᠰᠤᠷᠭᠠᠭᠤᠯᠢ ᠶ᠋ᠢᠨ ᠵᠠᠬᠢᠷᠤᠯ ᠵᠡᠷᠭᠡ ᠲᠤᠰᠢᠶᠠᠯ ᠢ᠋ ᠬᠠᠷᠢᠭᠤᠴᠠᠪᠠ᠃ 1973 ᠣᠨ ᠳ᠋ᠤ᠌ ᠥᠪᠥᠷ ᠮᠣᠩᠭᠣᠯ ᠤ᠋ᠨ ᠪᠠᠭᠠᠴᠤᠳ ᠬᠡᠦᠬᠡᠳ ᠦ᠋ᠨ ᠬᠡᠪᠯᠡᠯ ᠦ᠋ᠨ ᠬᠣᠷᠢᠶᠠᠨ ᠳ᠋ᠤ᠌ ᠤᠷᠢᠭᠳᠠᠵᠤ 《 ᠨᠠᠬᠢᠶ᠎ᠠ 》ᠰᠡᠳᠬᠦᠯ ᠢ᠋ ᠨᠠᠢᠷᠠᠭᠤᠯᠬᠤ ᠪᠠ ᠦᠰᠦᠨ ᠪᠢᠷ ᠢ᠋ᠶ᠋ᠡᠷ ᠪᠢᠴᠢᠬᠦ ᠠᠵᠢᠯ ᠢ᠋ ᠭᠠᠷᠳᠠᠨ ᠬᠢᠵᠡᠢ᠃ ᠡᠷᠳᠡᠨᠢᠪᠥ᠋ᠬᠡ 《ᠨᠠᠬᠢᠶ᠎ᠠ 》ᠰᠡᠳᠬᠦᠯ ᠢ᠋ ᠨᠡᠢᠲᠡ 86 ᠬᠤᠭᠤᠴᠠᠭ᠎ᠠ ᠦᠰᠦᠨ ᠪᠢᠷ ᠢ᠋ᠶ᠋ᠡᠷ ᠬᠠᠭᠤᠯᠤᠨ ᠪᠢᠴᠢᠵᠡᠢ᠃ ᠪᠠᠰᠠ ᠪᠠᠭ᠎ᠠ ᠰᠤᠷᠭᠠᠭᠤᠯᠢ ᠶ᠋ᠢᠨ ᠬᠢᠴᠢᠶᠡᠯ ᠦ᠋ᠨ ᠳᠡᠪᠲᠡᠷ ᠢ᠋ 6 ᠵᠦᠢᠯ᠂ ᠴᠠᠭ ᠤᠯᠠᠷᠢᠯ ᠤ᠋ᠨ ᠪᠢᠴᠢᠭ 5 ᠵᠦᠢᠯ᠂《ᠴᠢᠦᠢ ᠶᠤᠸᠠᠨ ᠤ᠋ ᠤᠶᠠᠩᠭ᠎ᠠ 》 1 ᠳᠡᠪᠲᠡᠷ ᠬᠡᠦᠬᠡᠳ ᠦ᠋ᠨ ᠵᠢᠷᠤᠭᠲᠤ ᠳᠡᠪᠲᠡᠷ 11 ᠵᠦᠢᠯ᠃ ᠨᠡᠢᠲᠡ ᠬᠣᠶᠠᠷ ᠵᠠᠭᠤᠨ ᠲᠦᠮᠡᠨ ᠦᠰᠦᠭ ᠡᠴᠡ ᠳᠡᠭᠡᠭᠰᠢ ᠰᠡᠢᠷᠡᠭᠦᠯᠦᠨ ᠪᠢᠴᠢᠪᠡ᠃ 《ᠦᠰᠦᠨ ᠪᠢᠷ ᠢ᠋ᠶ᠋ᠡᠷ ᠪᠢᠴᠢᠬᠦ ᠲᠤᠬᠠᠢ 》᠂ 《 ᠮᠣᠩᠭᠣᠯ ᠦᠰᠦᠨ ᠪᠢᠷ ᠦ᠋ᠨ ᠪᠢᠴᠢᠯᠭᠡ 》 ᠭᠡᠬᠦ ᠬᠣᠶᠠᠷ ᠨᠣᠮ ᠲᠠᠢ᠃ ᠲᠡᠷᠡ ᠠᠷᠪᠠ ᠭᠠᠷᠤᠢ ᠵᠢᠯ ᠦ᠋ᠨ ᠲᠤᠷᠰᠢ ᠨᠢᠭᠡ ᠯᠡ ᠰᠡᠳᠬᠢᠯ ᠢ᠋ᠶ᠋ᠡᠷ ᠨᠣᠮ ᠰᠡᠳᠬᠦᠯ ᠨᠠᠢᠷᠠᠭᠤᠯᠬᠤ ᠶ᠋ᠢᠨ ᠬᠠᠮᠲᠤ ᠣᠯᠠᠨ ᠠᠷᠪᠢᠨ ᠤᠷᠠᠨ ᠪᠢᠴᠢᠯᠭᠡᠲᠡᠨ ᠢ᠋ ᠬᠥᠮᠦᠵᠢᠭᠦᠯᠪᠡ᠃ 《ᠨᠠᠬᠢᠶ᠎ᠠ 》ᠰᠡᠳᠬᠦᠯ ᠨᠢ ᠥᠷᠭᠡᠨ ᠣᠯᠠᠨ ᠪᠠᠭᠠᠴᠤᠳ ᠬᠡᠦᠬᠡᠳ ᠦ᠋ᠨ ᠰᠡᠳᠬᠢᠯ ᠦ᠋ᠨ ᠬᠠᠨᠢ ᠨᠢ ᠪᠣᠯᠵᠤ ᠢᠷᠡᠭᠰᠡᠨ ᠮᠥᠷᠲᠡᠭᠡᠨ ᠤᠷᠠᠨ ᠪᠢᠴᠢᠯᠭᠡ ᠶ᠋ᠢᠨ ᠭᠤᠸ᠎ᠠ ᠰᠠᠢᠬᠠᠨ ᠤ᠋ ᠬᠦᠷᠲᠡᠭᠡᠯ ᠦ᠋ᠨ ᠨᠣᠮ ᠪᠣᠯᠵᠤ ᠪᠠᠢᠭᠰᠠᠨ᠃ 《 ᠦᠰᠦᠨ ᠪᠢᠷ ᠢ᠋ᠶ᠋ᠡᠷ ᠪᠢᠴᠢᠬᠦ ᠲᠤᠬᠠᠢ 》 ᠭᠡᠳᠡᠭ ᠨᠣᠮ ᠨᠢ 1978 ᠣᠨ ᠳ᠋ᠤ᠌ ᠬᠢᠷᠢᠨ ᠦ᠌ ᠠᠷᠠᠳ ᠤ᠋ᠨ ᠬᠡᠪᠯᠡᠯ ᠦ᠋ᠨ ᠬᠣᠷᠢᠶᠠᠨ ᠳ᠋ᠤ᠌ ᠬᠡᠪᠯᠡᠭᠳᠡᠪᠡ᠃ 《 ᠦᠰᠦᠨ ᠪᠢᠷ ᠦ᠋ᠨ ᠪᠢᠴᠢᠯᠭᠡ 》 ᠭᠡᠳᠡᠭ ᠥᠭᠦᠯᠡᠯ ᠨᠢ 1982 ᠣᠨ ᠤ᠋ 《ᠨᠠᠬᠢᠶ᠎ᠠ 》ᠰᠡᠳᠬᠦᠯ ᠳ᠋ᠦ᠍ ᠨᠡᠢᠲᠡᠯᠡᠭᠳᠡᠪᠡ᠃ 《 ᠮᠣᠩᠭᠣᠯ ᠦᠰᠦᠨ ᠪᠢᠷ ᠦ᠋ᠨ ᠪᠢᠴᠢᠯᠭᠡ 》 ᠭᠡᠳᠡᠭ ᠨᠣᠮ ᠢ᠋ ᠨᠢ 1985 ᠣᠨ ᠳ᠋ᠤ᠌ ᠥᠪᠥᠷ ᠮᠣᠩᠭᠣᠯ ᠤ᠋ᠨ ᠪᠠᠭᠠᠴᠤᠳ ᠬᠡᠦᠬᠡᠳ ᠦ᠋ᠨ ᠬᠡᠪᠯᠡᠯ ᠦ᠋ᠨ ᠬᠣᠷᠢᠶ᠎ᠠ ᠠ᠋ᠴᠠ ᠬᠡᠪᠯᠡᠨ ᠲᠠᠷᠬᠠᠭᠠᠪᠠ᠃
ᠬᠣᠶᠠᠷ ᠡᠷᠲᠡᠨᠢᠪᠦ᠋ᠬᠡ ᠂ 《 ᠨᠠᠬᠢᠶ᠎ᠠ 》 ᠰᠡᠳᠬᠦᠯ ᠂ ᠤᠷᠠᠨ ᠪᠢᠴᠢᠯᠭᠡ
ᠡᠷᠳᠡᠨᠢᠪᠥ᠋ᠬᠡ ᠪᠠᠭᠰᠢ 1973 ᠣᠨ ᠳ᠋ᠤ᠌ ᠥᠪᠥᠷ ᠮᠣᠩᠭᠣᠯ ᠤ᠋ᠨ ᠪᠠᠭᠠᠴᠤᠳ ᠬᠡᠦᠬᠡᠳ ᠦ᠋ᠨ ᠬᠡᠪᠯᠡᠯ ᠦ᠋ᠨ ᠬᠣᠷᠢᠶᠠᠨ ᠳ᠋ᠤ᠌ ᠰᠢᠯᠵᠢᠨ ᠢᠷᠡᠵᠦ 《 ᠨᠠᠬᠢᠶ᠎ᠠ 》 ᠰᠡᠳᠬᠦᠯ ᠢ᠋ ᠨᠠᠢᠷᠠᠭᠤᠯᠬᠤ ᠪᠠ ᠦᠰᠦᠨ ᠪᠢᠷ ᠢ᠋ᠶ᠋ᠡᠷ ᠪᠢᠴᠢᠬᠦ ᠠᠵᠢᠯ ᠢ᠋ ᠭᠠᠭᠴᠠᠭᠠᠷ ᠬᠢᠵᠦ ᠪᠠᠢᠵᠠᠢ᠃ ᠰᠡᠭᠦᠯ ᠳ᠋ᠦ᠍ᠨᠢ ᠰ᠂ ᠣᠳᠬᠣᠨᠪᠠᠶᠠᠷ (ᠨᠢᠭᠡ ᠵᠢᠯ ᠪᠣᠯᠤᠭᠠᠳ ᠶᠡᠬᠡ ᠰᠤᠷᠭᠠᠭᠤᠯᠢ ᠳ᠋ᠤ᠌ ᠣᠷᠣᠪᠠ )᠂ ᠠᠶᠤᠰᠢᠵᠠᠪ ᠨᠠᠷ ᠢ᠋ ᠤᠷᠢᠵᠤ ᠠᠪᠴᠢᠷᠠᠨ ᠬᠠᠮᠵᠢᠭᠤᠯᠵᠤ ᠬᠣᠶᠠᠷ ᠬᠥᠮᠦᠨ ᠬᠠᠮᠲᠤ ᠪᠠᠷ ᠪᠤᠶᠤ ᠡᠭᠡᠯᠵᠢᠯᠡᠨ ᠪᠢᠴᠢᠵᠦ ᠪᠠᠢᠪᠠ᠃ ᠬᠣᠵᠢᠮ ᠨᠢ ᠠᠶᠤᠰᠢᠵᠠᠪ ᠵᠢᠩᠬᠢᠨᠢ ᠣᠷᠣᠨ ᠲᠣᠭᠠᠲᠤ ᠠᠵᠢᠯᠲᠠᠨ ᠪᠣᠯᠪᠠ᠂ ᠨᠠᠷᠠᠨᠬᠤᠸᠠᠷ ᠮᠥᠨ ᠡᠷᠳᠡᠨᠢᠪᠥ᠋ᠬᠡ ᠪᠠᠭᠰᠢ ᠪᠣᠯᠤᠨ ᠠᠶᠤᠰᠢᠵᠠᠪ ᠲᠤ᠌ ᠱᠠᠪᠢ ᠣᠷᠣᠵᠤ ᠬᠠᠮᠵᠢᠨ ᠪᠢᠴᠢᠵᠦ ᠪᠠᠢᠭᠰᠠᠨ ᠢ᠋ᠶ᠋ᠠᠨ ᠬᠢᠷᠢᠨ ᠮᠣᠵᠢ ᠳ᠋ᠤ᠌ ᠪᠠᠭᠰᠢ ᠪᠠᠷ ᠶᠠᠪᠤᠪᠠ᠃ ᠬᠡᠵᠢᠶ᠎ᠡ ᠡᠷᠳᠡᠨᠢᠪᠥ᠋ᠬᠡ ᠪᠠᠭᠰᠢ ᠠᠵᠢᠯ ᠠ᠋ᠴᠠ ᠪᠠᠨ ᠳᠠᠷᠬᠠᠯᠠᠭᠳᠠᠭᠰᠠᠨ ᠤ᠋ ᠳᠠᠷᠠᠭ᠎ᠠ ᠠᠶᠤᠰᠢᠵᠠᠪ ᠭᠠᠭᠴᠠᠭᠠᠷ ᠪᠢᠴᠢᠵᠦ᠂ ᠠᠮᠵᠢᠬᠤ ᠦᠭᠡᠢ ᠦᠶ᠎ᠡ ᠳ᠋ᠦ᠍ᠨᠢ ᠡᠷᠳᠡᠨᠢᠪᠥ᠋ᠬᠡ ᠪᠠᠭᠰᠢ ᠪᠤᠶᠤ ᠰᠣᠳᠣ᠂ ᠪᠤᠤ ᠶ᠋ᠢᠨ ᠱᠠᠨ ( ᠵᠢᠷᠢᠮ ᠦ᠋ᠨ )᠂ ᠬᠤᠷᠴᠠᠪᠠᠭᠠᠲᠤᠷ᠂ ᠲᠤᠶᠠᠭ᠎ᠠ ᠨᠠᠷ ᠢ᠋ᠶ᠋ᠠᠷ ᠢ᠋ᠶ᠋ᠠᠨ ᠬᠠᠪᠰᠤᠷᠤᠭᠤᠯᠵᠤ ᠪᠠᠢᠭᠰᠠᠨ ᠲᠡᠦᠬᠡ ᠲᠡᠢ᠃ ᠡᠨᠡ ᠮᠡᠲᠦ ᠦᠰᠦᠨ ᠪᠢᠷ ᠦ᠋ᠨ ᠪᠢᠴᠢᠯᠭᠡ ᠪᠡᠷ ᠰᠡᠳᠬᠦᠯ ᠢ᠋ᠶ᠋ᠡᠨ ᠪᠢᠴᠢᠵᠦ ᠬᠡᠪᠯᠡᠭᠦᠯᠦᠭᠰᠡᠭᠡᠷ ᠶᠡᠷᠡᠭᠡᠳ ᠣᠨ ᠤ᠋ ᠡᠬᠢ ᠪᠣᠯᠬᠤ ᠳ᠋ᠤ᠌ ᠮᠣᠩᠭᠣᠯ ᠦᠰᠦᠭ ᠦ᠋ᠨ ᠡᠯᠧᠺᠲ᠋ᠷᠣᠨ ᠪᠠᠷ ᠭᠠᠷᠴᠤ ᠢᠷᠡᠭᠡᠳ ᠰᠠᠶᠢ ᠭᠠᠷ ᠢ᠋ᠶ᠋ᠠᠷ ᠪᠢᠴᠢᠬᠦ ᠪᠡᠨ ᠪᠣᠯᠢᠪᠠ᠃ ᠬᠣᠷᠢᠶᠠᠨ ᠤ᠋ ᠲᠠᠯ᠎ᠠ ᠠ᠋ᠴᠠ ᠴᠤ᠌ ᠪᠢᠴᠢᠮᠡᠯ ᠲᠢᠭ ᠢ᠋ᠶ᠋ᠡᠷ ᠪᠡᠷᠯᠡᠵᠦ ᠬᠡᠪᠯᠡᠭᠦᠯᠬᠦ ᠨᠢ ᠰᠦᠢᠳᠬᠡᠯ ᠳᠡᠩᠳᠡᠭᠦᠦ ᠶᠡᠬᠡ ᠵᠠᠷᠤᠴᠠᠭᠤᠯᠵᠤ᠂ ᠡᠳ᠋ ᠦ᠋ᠨ ᠶᠠᠪᠤᠳᠠᠯ ( ᠵᠣᠭᠣᠰ ᠮᠥᠩᠭᠥ ) ᠶ᠋ᠢᠨ ᠲᠠᠯ᠎ᠠ ᠬᠦᠨᠳᠦᠷᠡᠯᠲᠡ ᠶᠡᠬᠡ ᠭᠡᠵᠦ ᠦᠰᠦᠨ ᠪᠢᠷ ᠢ᠋ᠶ᠋ᠡᠷ ᠪᠢᠴᠢᠭᠦᠯᠬᠦ ᠶ᠋ᠢ ᠵᠣᠭᠰᠣᠭᠠᠬᠤ ᠪᠠᠷ ᠶᠠᠷᠢᠯᠴᠠᠵᠤ ᠰᠤᠳᠤᠯᠤᠭᠰᠠᠨ ᠴᠤ᠌ ᠪᠣᠢ᠃ 《ᠨᠠᠬᠢᠶ᠎ᠠ 》 ᠰᠡᠳᠬᠦᠯ ᠮᠡᠨᠳᠦᠯᠡᠭᠰᠡᠨ ᠡᠴᠡ ᠪᠡᠨ ᠨᠠᠭᠠᠰᠢ ᠡᠳᠦᠭᠡ ᠪᠣᠯᠲᠠᠯ᠎ᠠ ᠮᠣᠩᠭᠣᠯ ᠦᠰᠦᠭ ᠦ᠋ᠨ ᠲᠥᠪ ᠪᠢᠴᠢᠯᠭᠡ ᠪᠡᠷ ᠬᠡᠪᠯᠡᠭᠦᠯᠬᠦ ᠵᠤᠷᠰᠢᠯ ᠢ᠋ᠶ᠋ᠠᠨ ᠠᠯᠳᠠᠭ᠎ᠠ ᠦᠭᠡᠢ ᠪᠠᠢᠬᠤ ᠨᠢ ᠪᠠᠰᠠ ᠲᠡᠭᠦᠨ ᠦ᠌ ᠴᠢᠬᠤᠯᠠ ᠨᠢᠭᠡᠨ ᠣᠨᠴᠠᠯᠢᠭ ᠪᠣᠯᠤᠭᠰᠠᠨ ᠮᠥᠷᠲᠡᠭᠡᠨ ᠭᠠᠢᠬᠠᠮᠰᠢᠭᠲᠤ ᠴᠢᠨᠠᠷ ᠨᠢ ᠪᠣᠯᠤᠭᠰᠠᠨ ᠪᠢᠯᠡ᠃ ᠤᠤᠯ ᠤ᠋ᠨ ᠵᠢᠷᠢᠮ ᠠᠢᠮᠠᠭ ᠤ᠋ᠨ ᠦᠨᠳᠦᠰᠦᠨ ᠱᠠᠲᠤᠨ ᠤ᠋ ᠵᠠᠷᠢᠮ ᠮᠣᠩᠭᠣᠯ ᠪᠠᠭ᠎ᠠ ᠰᠤᠷᠭᠠᠭᠤᠯᠢ᠂ ᠳᠤᠮᠳᠠᠳᠤ ᠰᠤᠷᠭᠠᠭᠤᠯᠢ ᠨᠤᠭᠤᠳ ᠲᠤᠬᠠᠢ ᠶ᠋ᠢᠨ ᠦᠶ᠎ᠡ ᠳ᠋ᠦ᠍ ᠤᠷᠠᠨ ᠪᠢᠴᠢᠯᠭᠡ ᠶ᠋ᠢᠨ ᠬᠢᠴᠢᠶᠡᠯᠯᠡᠭᠡ ᠶ᠋ᠢ ᠨᠡᠭᠡᠭᠡᠵᠦ ᠪᠠᠢᠭᠰᠠᠨ ᠪᠣᠯᠬᠣᠷ ᠨᠠᠬᠢᠶ᠎ᠠ ᠰᠡᠳᠬᠦᠯ ᠦ᠋ᠨ ᠨᠠᠢᠷᠠᠭᠤᠯᠬᠤ ᠭᠡᠷ ᠲᠦ᠍ ᠬᠦᠷᠦᠯᠴᠡᠨ ᠢᠷᠡᠵᠦ ᠬᠠᠳᠠᠭᠠᠯᠠᠭᠠᠰᠤᠲᠠᠢ ᠪᠠᠢᠭᠰᠠᠨ ᠥᠩᠭᠡᠷᠡᠭᠰᠡᠨ ᠵᠢᠯ ᠦ᠋ᠳ ᠦ᠋ᠨ ᠦᠯᠡᠳᠡᠭᠳᠡᠯ ᠰᠡᠳᠬᠦᠯ ᠦ᠋ᠳ ᠢ᠋ ᠬᠡᠳᠦᠨ ᠠᠷᠪᠠ᠂ ᠲᠠᠪᠢ ᠵᠠᠭᠤ ᠪᠠᠷ ᠬᠤᠳᠠᠯᠳᠤᠨ ᠠᠪᠴᠤ ᠰᠤᠷᠤᠭᠴᠢᠳ ᠲᠤ᠌ ᠪᠠᠨ ᠯᠠᠪᠯᠠᠯᠲᠠ ᠪᠣᠯᠭᠠᠵᠤ ᠪᠠᠢᠭᠰᠠᠨ ᠶᠠᠭᠤᠨ ᠭᠡᠯᠲᠡᠢ ᠪᠣᠢ ?
ᠥᠪᠥᠷ ᠮᠣᠩᠭᠣᠯ ᠤ᠋ᠨ ᠪᠠᠭᠠᠴᠤᠳ ᠬᠡᠦᠬᠡᠳ ᠦ᠋ᠨ ᠬᠡᠪᠯᠡᠯ ᠦ᠋ᠨ ᠬᠣᠷᠢᠶ᠎ᠠ 《 ᠨᠠᠬᠢᠶ᠎ᠠ 》 ᠰᠡᠳᠬᠦᠯ ᠢ᠋ ᠡᠷᠬᠢᠯᠡᠨ ᠨᠠᠢᠷᠠᠭᠤᠯᠬᠤ ᠭᠣᠣᠯ ᠨᠢᠭᠡᠴᠡ ᠪᠣᠯᠤᠭᠰᠠᠨ ᠤ᠋ ᠬᠤᠪᠢ ᠳ᠋ᠤ᠌ ᠮᠣᠩᠭᠣᠯᠴᠤᠳ ᠤ᠋ᠨ ᠦᠷ᠎ᠡ ᠬᠡᠦᠬᠡᠳ ᠲᠦ᠍ ᠪᠠᠯᠠᠷᠠᠰᠢ ᠦᠭᠡᠢ ᠵᠢᠳᠬᠦᠯ ᠲᠡᠢ ᠠᠵᠢᠯ ᠬᠢᠭᠰᠡᠨ ᠦ᠌ ᠨᠢᠭᠡ ᠭᠡᠪᠡᠯ 《ᠨᠠᠬᠢᠶ᠎ᠠ 》ᠰᠡᠳᠬᠦᠯ ᠢ᠋ ᠦᠰᠦᠨ ᠪᠢᠷ ᠢ᠋ᠶ᠋ᠡᠷ ᠪᠢᠴᠢᠵᠦ ᠨᠠᠢᠷᠠᠭᠤᠯᠤᠭᠰᠠᠨ ᠠᠵᠢᠯ ᠪᠣᠯᠤᠨ᠎ᠠ᠃ ᠲᠡᠭᠦᠨ ᠦ᠌ ᠠᠴᠢ ᠬᠣᠯᠪᠣᠭᠳᠠᠯ ᠢ᠋ ᠳᠥᠭᠥᠮ ᠶᠠᠷᠢᠪᠠᠯ ᠄
1. ᠰᠠᠶᠢ ᠦᠰᠦᠭ ᠲᠠᠨᠢᠵᠤ ᠪᠠᠢᠭ᠎ᠠ ᠬᠡᠦᠬᠡᠳ ᠲᠦ᠍ ᠮᠣᠩᠭᠣᠯ ᠦᠰᠦᠭ ᠦ᠋ᠨ ᠦᠨᠳᠦᠰᠦᠨ ᠡᠯᠧᠮᠧᠨ᠋ᠲ᠂ ᠵᠢᠷᠤᠯᠭ᠎ᠠ ᠶ᠋ᠢ ᠲᠠᠨᠢᠭᠤᠯᠬᠤ ᠳ᠋ᠤ᠌ ᠠᠰᠢᠭᠲᠠᠢ᠃ ᠮᠣᠩᠭᠣᠯ ᠦᠰᠦᠭ ᠪᠣᠢ ᠪᠣᠯᠣᠮᠠᠭᠴᠠ ᠶᠠᠮᠠᠷ ᠪᠠᠷ᠂ ᠬᠡᠪᠯᠡᠯ ᠦ᠋ᠨ ᠲᠢᠭ ᠲᠡᠢ ᠪᠠᠢᠭᠰᠠᠨ ᠪᠢᠰᠢ᠂ ᠬᠠᠷᠢᠨ ᠭᠠᠷ ᠪᠢᠴᠢᠮᠡᠯ ᠪᠠᠢᠭᠰᠠᠨ᠃ ᠦᠰᠦᠨ ᠪᠢᠷ ᠦ᠋ᠨ ᠪᠢᠴᠢᠯᠭᠡ ᠨᠢ ᠦᠰᠦᠭ ᠪᠢᠴᠢᠭ ᠦ᠋ᠨ ᠡᠢᠨᠬᠦ ᠭᠠᠷ ᠪᠢᠴᠢᠮᠡᠯ ᠦ᠋ᠨ ᠡᠷᠲᠡᠨ ᠦ᠌ ᠴᠢᠨᠠᠷ ᠢ᠋ ᠤᠳᠤᠮᠯᠠᠵᠤ ᠪᠠᠢᠭ᠎ᠠ ᠲᠤᠯᠠ ᠬᠡᠦᠬᠡᠳ ᠦ᠋ᠨ ᠣᠶᠤᠨ ᠳ᠋ᠤ᠌ ᠦᠰᠦᠭ ᠪᠢᠴᠢᠭ ᠲᠠᠨᠢᠬᠤ ᠠᠩᠬᠠᠨ ᠤ᠋ ᠬᠠᠷᠠᠭ᠎ᠠ ᠶ᠋ᠢ ᠵᠥᠪ ᠵᠦᠭ ᠬᠥᠳᠡᠯᠦᠭᠰᠡᠨ ᠪᠠᠢᠨ᠎ᠠ᠃
2. ᠮᠣᠩᠭᠣᠯ ᠬᠡᠦᠬᠡᠳ ᠦ᠋ᠳ ᠬᠠᠮᠤᠭ ᠬᠠᠢᠷᠠᠲᠠᠢ ᠰᠡᠳᠬᠦᠯ ᠢ᠋ᠶ᠋ᠡᠨ ᠤᠩᠰᠢᠬᠤ ᠳ᠋ᠤ᠌ ᠪᠠᠨ ᠦᠰᠦᠨ ᠪᠢᠷ ᠦ᠋ᠨ ᠪᠢᠴᠢᠯᠭᠡ ᠲᠡᠢ ᠲᠠᠨᠢᠯᠴᠠᠵᠤ ᠤᠷᠠᠨ ᠪᠢᠴᠢᠯᠭᠡ ᠶ᠋ᠢᠨ ᠲᠤᠬᠠᠢ ᠬᠠᠮᠤᠭ ᠠᠩᠬᠠᠨ ᠤ᠋ ᠣᠢᠯᠠᠭᠠᠯᠲᠠ ᠲᠥᠷᠥᠭᠳᠡᠯ ᠲᠡᠢ ᠪᠣᠯᠤᠨ᠎ᠠ᠃
3. ᠥᠰᠪᠥᠷᠢ ᠶ᠋ᠢᠨ ᠬᠡᠦᠬᠡᠳ ᠦ᠋ᠨ ᠪᠡᠶ᠎ᠡ ᠮᠠᠬᠠᠪᠣᠳ ᠤ᠋ᠨ ᠡᠷᠡᠭᠦᠯ ᠮᠡᠨᠳᠦ ᠶ᠋ᠢᠨ ᠲᠠᠯ᠎ᠠ ᠠ᠋ᠴᠠ ᠦᠵᠡᠭᠰᠡᠨ ᠴᠦ᠍ ᠪᠠᠭ᠎ᠠ ᠨᠠᠰᠤᠨ ᠤ᠋ ᠬᠡᠦᠬᠡᠳ ᠦ᠋ᠨ ᠨᠢᠳᠦᠨ ᠪᠠᠭᠠᠨ᠎ᠠ ᠨᠢ ᠲᠣᠭᠲᠠᠪᠤᠷᠢᠵᠢᠭᠠᠳᠤᠢ ᠲᠤᠯᠠ ᠦᠰᠦᠨ ᠪᠢᠷ ᠢ᠋ᠶ᠋ᠡᠷ ᠪᠢᠴᠢᠭᠰᠡᠨ ᠲᠣᠮᠣᠬᠠᠨ ᠰᠢᠭ᠋ ᠦᠰᠦᠭ ᠲᠡᠢ ᠨᠣᠮ ᠰᠡᠳᠬᠦᠯ ᠢ᠋ ᠦᠵᠡᠬᠦ ᠨᠢ ᠬᠠᠷᠠᠭ᠎ᠠ ᠮᠠᠭᠤᠳᠠᠬᠤ ᠠ᠋ᠴᠠ ᠰᠡᠷᠭᠡᠢᠯᠡᠵᠦ ᠴᠢᠳᠠᠭᠠᠳ᠂ ᠡᠷᠡᠭᠦᠯ ᠨᠢᠳᠦᠨ ᠬᠠᠷᠠᠭ᠎ᠠ ᠲᠠᠢ ᠪᠣᠯᠬᠤ ᠳ᠋ᠤ᠌ ᠴᠤ᠌ ᠠᠰᠢᠭᠲᠠᠢ ᠪᠠᠢᠵᠤ ᠮᠡᠳᠡᠨ᠎ᠡ᠃
4. ᠦᠰᠦᠨ ᠪᠢᠷ ᠦ᠋ᠨ ᠤᠷᠠᠨ ᠪᠢᠴᠢᠯᠭᠡ ᠶ᠋ᠢ ᠬᠣᠢᠴᠢ ᠦᠶ᠎ᠡ ᠳ᠋ᠦ᠍ ᠤᠯᠠᠮᠵᠢᠯᠠᠨ ᠳᠡᠯᠭᠡᠷᠡᠭᠦᠯᠬᠦ ᠳ᠋ᠦ᠍ ᠣᠢᠯᠠᠭᠠᠭᠤᠯᠵᠤ᠂ ᠮᠡᠳᠡᠭᠦᠯᠬᠦ᠂ ᠲᠠᠨᠢᠭᠤᠯᠬᠤ ᠵᠡᠷᠭᠡ ᠠᠬᠢᠭᠤᠯᠬᠤ ᠦᠢᠯᠡᠳᠦᠯ ᠦᠵᠡᠭᠦᠯᠵᠡᠢ᠃ ᠡᠭᠦᠨ ᠦ᠌ ᠭᠠᠪᠢᠶᠠᠨ ᠲᠦᠷᠦᠭᠦᠦ ᠶ᠋ᠢ ᠡᠷᠲᠡᠨᠢᠪᠦ᠋ᠬᠡ ᠪᠠᠭᠰᠢ ᠵᠢᠴᠢ ᠪᠠᠭᠠᠴᠤᠳ ᠬᠡᠦᠬᠡᠳ ᠦ᠋ᠨ ᠬᠡᠪᠯᠡᠯ ᠦ᠋ᠨ ᠬᠣᠷᠢᠶ᠎ᠠ ᠳ᠋ᠤ᠌ ᠥᠭᠬᠦ ᠶᠠᠰᠤᠲᠠᠢ᠃ ᠲᠡᠳᠡᠨᠦᠰ ᠮᠣᠩᠭᠣᠯᠴᠤᠳ ᠤ᠋ᠨ ᠬᠡᠦᠬᠡᠳ ᠠᠴᠢ ᠨᠠᠷ ᠲᠤ᠌ ᠢᠩᠭᠢᠵᠦ ᠪᠠᠯᠠᠷᠠᠰᠢ ᠦᠭᠡᠢ ᠰᠠᠢᠨ ᠦᠢᠯᠡ ᠬᠢᠭᠰᠡᠨ ᠢ᠋ᠶ᠋ᠡᠷ ᠪᠠᠷᠠᠬᠤ ᠦᠭᠡᠢ᠂ ᠮᠣᠩᠭᠣᠯ ᠤᠷᠠᠨ ᠪᠢᠴᠢᠯᠭᠡ ᠶ᠋ᠢ ᠬᠣᠵᠢᠮ ᠤ᠋ᠨ ᠬᠥᠮᠦᠰ ᠲᠦ᠍ ᠤᠯᠠᠮᠵᠢᠯᠠᠵᠤ ᠳᠡᠯᠭᠡᠷᠡᠭᠦᠯᠬᠦ᠂ ᠤᠷᠠᠨ ᠪᠢᠴᠢᠯᠭᠡ ᠳ᠋ᠦ᠍ ᠳᠤᠷ᠎ᠠ ᠠᠪᠢᠶᠠᠰ ᠲᠠᠢ ᠬᠥᠮᠦᠰ ᠢ᠋ ᠤᠷᠠᠢᠯᠠᠨ ᠰᠡᠷᠭᠦᠭᠡᠵᠦ᠂ ᠳᠠᠢᠴᠢᠯᠠᠨ ᠤᠳᠤᠷᠢᠳᠴᠤ ᠡᠨᠡ ᠬᠦ᠌ ᠤᠷᠠᠯᠢᠭ ᠢ᠋ ᠬᠠᠢᠷᠠᠯᠠᠨ ᠪᠠᠬᠠᠷᠬᠠᠵᠤ᠂ ᠤᠷᠠᠨ ᠪᠢᠴᠢᠯᠭᠡᠲᠡᠨ ᠪᠣᠯᠬᠤ ᠵᠠᠮ ᠢ᠋ ᠳᠡᠪᠢᠰᠴᠦ ᠥᠭᠭᠦᠭᠰᠡᠨ ᠪᠠᠯᠠᠷᠠᠰᠢ ᠦᠭᠡᠢ ᠵᠢᠳᠬᠦᠯ ᠭᠠᠷᠭᠠᠵᠠᠢ᠃
5. ᠠᠶᠤᠰᠢᠵᠠᠪ ᠢ᠋ᠶ᠋ᠠᠷ ᠲᠥᠯᠥᠭᠡᠯᠡᠭᠦᠯᠦᠭᠰᠡᠨ ᠨᠢᠭᠡ ᠪᠦᠯᠦᠭ ᠤᠷᠠᠨ ᠪᠢᠴᠢᠯᠭᠡᠲᠡᠨ ᠦ᠌ ᠡᠩᠨᠡᠭᠡ ᠶ᠋ᠢ ᠪᠦᠷᠢᠯᠳᠦᠭᠦᠯᠵᠡᠢ᠃ ᠡᠷᠳᠡᠨᠢᠪᠥ᠋ᠬᠡ ᠶ᠋ᠢᠨ ᠦᠰᠦᠭ ᠢ᠋ ᠲᠡᠷᠡ ᠶᠠᠩᠵᠤ ᠪᠠᠷ ᠨᠢ ᠤᠳᠤᠮᠯᠠᠨ ᠵᠠᠯᠭᠠᠭᠰᠠᠨ ᠬᠥᠮᠦᠨ ᠪᠣᠯ ᠠᠶᠤᠰᠢᠵᠠᠪ ᠪᠣᠯᠤᠨ᠎ᠠ᠂ ᠠᠶᠤᠰᠢᠵᠠᠪ ᠤ᠋ᠨ ᠨᠥᠯᠦᠭᠡᠨ ᠳᠣᠣᠷ᠎ᠠ ᠰᠣᠳᠣ᠂ ᠬᠤᠷᠴᠠᠪᠠᠭᠠᠲᠤᠷ᠂ ᠨᠠᠷᠠᠨᠬᠤᠸᠠᠷ᠂ ᠲᠤᠶᠠᠭ᠎ᠠ ᠨᠠᠷ ᠵᠢᠴᠢ ᠡᠳᠡᠨᠥᠰ ᠦ᠋ᠨ ᠱᠠᠪᠢ ᠨᠠᠷ ᠢ᠋ ᠪᠠᠭᠲᠠᠭᠠᠭᠰᠠᠨ ᠡᠷᠳᠡᠨᠢᠪᠥ᠋ᠬᠡ ᠶ᠋ᠢᠨ ᠤᠷᠠᠨ ᠪᠢᠴᠢᠯᠭᠡ ᠶ᠋ᠢᠨ ᠤᠷᠤᠰᠬᠠᠯ ᠪᠦᠯᠦᠭ ᠦ᠋ᠨ ᠬᠥᠮᠦᠰ ᠦ᠋ᠳ ᠪᠦᠷᠢᠯᠳᠦᠵᠡᠢ᠃ ᠭᠡᠬᠦ ᠳ᠋ᠦ᠍ ᠪᠡᠨ ᠳᠡᠭᠡᠷ᠎ᠡ ᠵᠠᠭᠤᠨ ᠤ᠋ ᠨᠠᠶᠠᠭᠠᠳ ᠣᠨ ᠤ᠋ ᠦᠶ᠎ᠡ ᠪᠡᠷ ᠨᠢᠭᠡᠨ ᠪᠢᠴᠢᠯᠭᠡ ᠶ᠋ᠢᠨ ᠲᠢᠭ ᠦ᠋ᠨ ᠪᠦᠯᠦᠭ ᠤᠷᠤᠰᠬᠠᠯ ᠤ᠋ᠨ ᠪᠦᠷᠢᠯᠳᠦᠬᠦᠨ ᠬᠥᠮᠦᠰ ᠦᠷᠡᠵᠢᠨ ᠥᠷᠭᠡᠵᠢᠭᠡᠳ ᠡᠩᠨᠡᠭᠡ ᠪᠣᠯᠬᠤ ᠭᠡᠳᠡᠭ ᠨᠢ ᠮᠣᠩᠭᠣᠯ ᠤᠷᠠᠨ ᠪᠢᠴᠢᠯᠭᠡ ᠶ᠋ᠢᠨ ᠲᠡᠦᠬᠡᠨ ᠳ᠋ᠦ᠍ ᠪᠠᠰᠠ ᠨᠢᠭᠡ ᠠᠬᠢᠯᠲᠠ ᠲᠠᠪᠰᠢᠯᠲᠠ ᠶ᠋ᠢᠨ ᠰᠢᠨᠵᠢ ᠪᠡᠯᠭᠡ ᠮᠥᠨ᠃
ᠭᠤᠷᠪᠠ ᠡᠷᠲᠡᠨᠢᠪᠦ᠋ᠬᠡ ᠶ᠋ᠢᠨ ᠦᠰᠦᠭ ᠦ᠋ᠨ ᠣᠨᠴᠠᠯᠢᠭ
ᠨᠢᠭᠡ ᠬᠠᠭᠤᠳᠠᠰᠤᠨ ᠤ᠋ ᠦᠰᠦᠭ ᠦ᠋ᠨ ᠶᠡᠬᠡ ᠪᠠᠭ᠎ᠠ ᠵᠢᠭᠳᠡ᠂ ᠬᠦᠨᠳᠦ ᠬᠥᠩᠭᠡᠨ ᠲᠣᠳᠣᠷᠬᠠᠢ ᠴᠢᠨᠠᠷᠵᠢᠭᠤᠨ ᠦᠰᠦᠭ ᠪᠠᠢᠳᠠᠭ᠃ ᠦᠰᠦᠭ ᠦ᠋ᠨ ᠵᠢᠷᠤᠯᠭ᠎ᠠ ᠶ᠋ᠢᠨ ᠬᠣᠯᠪᠣᠭᠠᠰᠤ ᠴᠢᠩᠭ᠎ᠠ ( ᠴᠧᠨ ᠴᠢᠩ ᠶᠦᠨ ᠪᠠᠭᠰᠢ ᠶ᠋ᠢᠨ ᠰᠢᠭ᠋ ) ᠂ ᠵᠢᠷᠤᠯᠭ᠎ᠠ ᠪᠣᠯᠭᠠᠨ ᠨᠢᠭᠡ ᠨᠢ ᠨᠥᠭᠦᠭᠡ ᠲᠡᠢ ᠪᠡᠨ ᠨᠢᠭᠲᠠ ᠴᠢᠩᠭ᠎ᠠ ᠵᠠᠯᠭᠠᠵᠤ ᠪᠠᠢᠳᠠᠭ᠃ ᠭᠡᠬᠦ ᠳ᠋ᠡᠭᠡᠨ ᠵᠠᠯᠭᠠᠭᠤᠷ ᠤ᠋ᠨ ᠣᠷᠣ ᠮᠥᠷ ᠬᠠᠷᠠᠭᠳᠠᠳᠠᠭ ᠦᠭᠡᠢ᠃ ᠠᠴᠤᠭ ᠰᠢᠯᠪᠢ᠂ ᠣᠷᠬᠢᠴᠠ ᠴᠠᠴᠤᠯᠭ᠎ᠠ᠂ ᠭᠡᠳᠡᠰᠦ ᠬᠥᠩᠭᠡᠷ᠂ ᠳᠤᠰᠤᠯ ᠴᠡᠭ ᠭᠡᠵᠢᠭᠡ ᠡᠪᠡᠷ ᠥᠪᠡᠷ ᠦ᠋ᠨ ᠢ᠋ᠶ᠋ᠡᠨ ᠭᠡᠬᠦ ᠬᠡᠪᠰᠢᠭᠰᠡᠨ ᠣᠨᠴᠠᠯᠢᠭ ᠢ᠋ ᠪᠦᠷᠢᠯᠳᠦᠭᠦᠯᠵᠡᠢ᠃ ᠵᠢᠱ᠌ᠢᠶᠡᠯᠡᠪᠡᠯ ᠄
1. ᠠᠴᠤᠭ ᠢ᠋ ᠤᠷᠲᠤ ᠤᠷᠲᠤ ᠲᠠᠲᠠᠵᠤ ᠪᠢᠴᠢᠨ᠎ᠡ᠃ ᠵᠠᠷᠢᠮ ᠳ᠋ᠤ᠌ ᠪᠠᠨ ᠮᠣᠷᠢ ᠤᠨᠤᠭ᠎ᠠ ᠶ᠋ᠢ ᠰᠠᠮᠨᠠᠳᠠᠭ ᠰᠠᠮ ᠤ᠋ᠨ ᠰᠢᠲᠦ ᠶ᠋ᠢ ᠴᠦ᠍ ᠰᠠᠨᠠᠭᠳᠠᠭᠤᠯᠳᠠᠭ ᠠ᠋᠃ ᠠᠴᠤᠭ᠂ ᠰᠢᠯᠪᠢ ᠶ᠋ᠢ ᠤᠷᠲᠤ ᠤᠷᠲᠤ ᠲᠠᠲᠠᠵᠤ ᠭᠠᠷᠭᠠᠬᠤ ᠪᠣᠯ ᠡᠷᠳᠡᠨᠢᠪᠥ᠋ᠬᠡ ᠶ᠋ᠢᠨ ᠦᠰᠦᠭ ᠦ᠋ᠨ ᠳᠣᠪᠣᠢᠭᠰᠠᠨ ᠣᠨᠴᠠᠯᠢᠭ ᠮᠥᠨ᠃ ᠭᠡᠪᠡᠴᠦ ᠠᠴᠤᠭ ᠠᠴᠤᠭ ᠤ᠋ᠨ ᠤᠷᠲᠤ ᠶ᠋ᠢᠨ ᠬᠡᠮᠵᠢᠶ᠎ᠡ ᠲᠡᠩᠴᠡᠭᠦᠷᠢᠲᠡᠢ᠂ ᠠᠴᠤᠭ ᠠᠴᠤᠭ ᠤ᠋ᠨ ᠬᠣᠭᠣᠷᠣᠨᠳᠣᠬᠢ ᠵᠠᠢ ᠨᠤᠭᠤᠳ ᠲᠡᠩᠴᠡᠭᠦᠷᠢᠲᠡᠢ᠃ 《ᠠᠭᠤᠯᠠ᠂ ᠬᠣᠷᠣᠮᠬᠠᠨ᠂ ᠲᠠᠭᠠᠯᠴᠠᠨ᠂ ᠰᠢᠯᠲᠠᠭᠠᠨ 》 ᠁ ᠭᠡᠬᠦ ᠮᠡᠲᠦ᠃ (ᠳᠠᠭᠠᠯᠳᠤᠭᠤᠯᠤᠯ ᠵᠢᠷᠤᠭ ᠲᠤ᠌ ᠦᠵᠡ) ᠃
2. ᠥᠳᠬᠡᠨ ᠪᠡᠬᠡ ᠵᠥᠩᠳᠡᠭᠡᠨ ᠬᠡᠷᠡᠭᠯᠡᠳᠡᠭ᠃
3. ᠴᠸᠨ ᠴᠢᠩ ᠶᠦᠨ ᠪᠠᠭᠰᠢ ᠶ᠋ᠢᠨ ᠣᠷᠬᠢᠴᠠ᠂ ᠤᠷᠤᠭᠰᠢᠯᠠᠭ᠎ᠠ᠂ ᠴᠠᠴᠤᠯᠭ᠎ᠠ ᠶ᠋ᠢᠨ ᠬᠡᠪ ᠨᠠᠮᠪᠠ ᠶ᠋ᠢ ᠰᠢᠩᠭᠡᠬᠡᠨ ᠠᠭᠤᠰᠬᠠᠵᠤ ᠤᠶᠠᠯᠳᠤᠭᠤᠯᠤᠨ ᠬᠡᠷᠡᠭᠯᠡᠵᠡᠢ᠃ 《ᠠᠭᠤᠯᠠ᠂ ᠴᠠᠭᠠᠨ᠂ ᠡᠭᠦᠯᠡ᠂ ᠨᠠᠷᠠ᠂ ᠬᠣᠷᠣᠮᠬᠠᠨ᠂ ᠬᠤᠷᠴᠠ᠂ ᠰᠠᠷᠨᠢᠬᠤᠶᠠ᠂ ᠵᠠᠭᠤᠷ᠎ᠠ᠂ ᠬᠠᠷᠠᠭ᠎ᠠ᠂ ᠬᠥᠬᠡ ᠡᠷᠬᠡ 》ᠮᠡᠲᠦ᠃ (ᠳᠠᠭᠠᠯᠳᠤᠭᠤᠯᠤᠯ ᠵᠢᠷᠤᠭ ᠲᠤ᠌ ᠦᠵᠡ) ᠃
4. ᠳᠤᠰᠤᠯ ᠢ᠋ ᠰᠢᠪᠠᠭᠤᠨ ᠤ᠋ ᠨᠢᠳᠦ ᠰᠢᠭ ᠭᠠᠷᠭᠠᠨ᠎ᠠ᠃ 《 ᠠᠭᠤᠯᠠ᠂ ᠴᠠᠭᠠᠨ᠂ ᠠᠭᠤᠯᠵᠠᠪᠠᠰᠤ᠂ ᠲᠠᠭᠠᠯᠴᠠᠨ 》᠃ (ᠳᠠᠭᠠᠯᠳᠤᠭᠤᠯᠤᠯ ᠵᠢᠷᠤᠭ ᠲᠤ᠌ ᠦᠵᠡ) ᠃
5. 《 ᠯᠡ 》 ᠶ᠋ᠢᠨ ᠡᠪᠡᠷ ᠨᠢ ᠴᠸᠨ ᠴᠢᠩ ᠶᠦᠨ ᠪᠠᠭᠰᠢ ᠶ᠋ᠢᠨ ᠯᠡ ᠭᠠᠷᠭᠠᠬᠤ ᠲᠠᠢ ᠠᠳᠠᠯᠢ ᠪᠢᠷ ᠵᠠᠷᠤᠨ᠎ᠠ᠃
6. ᠣᠷᠬᠢᠴᠠ ᠶ᠋ᠢᠨ ᠦᠵᠦᠭᠦᠷ ᠲᠦ᠍ ᠪᠢᠷ ᠢ᠋ ᠡᠷᠭᠢᠭᠦᠯᠵᠦ ᠡᠲᠡᠵᠦ ᠲᠡᠭᠦᠰᠬᠡᠵᠦ ᠪᠠᠢᠨ᠎ᠠ᠃ ᠬᠦᠨᠳᠦᠴᠡ ᠲᠡᠢ᠃ 《 ᠠᠭᠤᠯᠠ᠂ ᠴᠠᠭᠠᠨ᠂ ᠡᠭᠦᠯᠡ᠂ ᠨᠠᠷᠠ᠂ ᠬᠣᠷᠣᠮᠬᠠᠨ᠂ ᠬᠤᠷᠴᠠ 》᠃ (ᠳᠠᠭᠠᠯᠳᠤᠭᠤᠯᠤᠯ ᠵᠢᠷᠤᠭ ᠲᠤ᠌ ᠦᠵᠡ) ᠃
7. 《 ᠮᠠ᠂ ᠯᠠ 》 ᠶ᠋ᠢᠨ ᠭᠡᠵᠢᠭᠡ ᠡᠪᠡᠷ ᠢ᠋ ᠬᠠᠸᠠᠩᠵᠠᠪ ᠤ᠋ᠨ ᠭᠡᠵᠢᠭᠡ ᠭᠠᠷᠭᠠᠬᠤ ᠲᠠᠢ ᠠᠳᠠᠯᠢ ᠪᠢᠷ ᠵᠠᠷᠤᠨ᠎ᠠ᠃
8. ᠳᠡᠭᠡᠷ᠎ᠡ ᠣᠷᠣᠬᠤ 《 ᠬᠦ᠌ 》 ᠶ᠋ᠢᠨ ᠪᠢᠴᠢᠯᠭᠡ ᠬᠠᠸᠠᠩᠵᠠᠪ ᠤ᠋ᠨ ᠲᠠᠢ ᠠᠳᠠᠯᠢ᠂ ᠴᠸᠨ ᠴᠢᠩ ᠶᠦᠨ ᠦ᠌ ᠲᠡᠢ ᠠᠳᠠᠯᠢ ᠦᠭᠡᠢ᠃
9.《 ᠷᠠ᠊ 》 ᠶ᠋ᠢᠨ ᠡᠷᠪᠡᠭᠡᠯᠵᠢ ᠰᠢᠯᠪᠢ ᠶ᠋ᠢᠨ ᠦᠵᠦᠭᠦᠷ ᠲᠦ᠍ ᠪᠢᠷ ᠢ᠋ ᠡᠲᠡᠵᠦ ᠡᠷᠲᠡᠭᠡᠷ ᠭᠠᠷᠭᠠᠨ᠎ᠠ᠃ ᠬᠠᠸᠠᠩᠵᠠᠪ᠂ ᠴᠸᠨ ᠴᠢᠩ ᠶᠦᠨ ᠦ᠌ ᠡᠷᠪᠡᠭᠡᠯᠵᠢ ᠰᠢᠯᠪᠢ ᠶ᠋ᠢᠨ ᠦᠵᠦᠭᠦᠷ ᠭᠠᠷᠭᠠᠬᠤ ᠲᠠᠢ ᠠᠳᠠᠯᠢ ᠦᠭᠡᠢ᠃ ᠡᠭᠦᠨᠡᠴᠡ ᠦᠵᠡᠪᠡᠯ ᠡᠷᠳᠡᠨᠢᠪᠥ᠋ᠬᠡ ᠪᠠᠭᠰᠢ ᠣᠯᠠᠨ ᠬᠥᠮᠦᠨ ᠦ᠌ ᠪᠢᠴᠢᠯᠭᠡ ᠶ᠋ᠢᠨ ᠣᠨᠴᠠᠯᠢᠭ ᠢ᠋ ᠰᠢᠮ᠎ᠡ ᠪᠣᠯᠭᠠᠨ ᠠᠪᠤᠭᠰᠠᠨ ᠨᠢ ᠢᠯᠡᠬᠡᠨ᠃
ᠡᠷᠳᠡᠨᠢᠪᠥ᠋ᠬᠡ ᠶ᠋ᠢᠨ ᠦᠰᠦᠭ ᠦ᠋ᠨ ᠬᠡᠪ ᠨᠠᠮᠪᠠ ᠭᠡᠪᠡᠯ ᠄ ᠪᠠᠳᠠᠷᠠᠭᠤᠨ ᠰᠡᠳᠡᠷᠭᠣᠨ᠂ ᠬᠦᠳᠡᠷᠯᠢᠭ ᠲᠠᠮᠢᠷᠯᠢᠭ᠂ ᠯᠠᠭᠱᠠᠨ ᠰᠢᠨᠵᠢ ᠲᠡᠢ᠃
ᠡᠷᠳᠡᠨᠢᠪᠥ᠋ᠬᠡ᠂ ᠥᠪᠥᠷ ᠮᠣᠩᠭᠣᠯ ᠤ᠋ᠨ ᠵᠡᠭᠦᠨ ᠣᠷᠣᠨ ᠤ᠋ ᠤᠷᠠᠨ ᠪᠢᠴᠢᠯᠭᠡ ᠶ᠋ᠢ ᠶᠡᠬᠡ ᠪᠡᠷ ᠨᠥᠯᠥᠭᠡᠯᠡᠭᠰᠡᠨ ᠲᠥᠯᠥᠭᠡᠯᠡᠭᠴᠢ ᠬᠥᠮᠦᠨ ᠪᠣᠯᠤᠨ᠎ᠠ᠃ ᠤᠷᠠᠨ ᠪᠢᠴᠢᠯᠭᠡᠳᠠᠨ ᠠᠶᠤᠰᠢᠵᠠᠪ᠂ ᠰ ᠣᠳᠬᠣᠨᠪᠠᠶᠠᠷ᠂ ᠰᠣᠳᠣ᠂ ᠬᠤᠷᠴᠠᠪᠠᠭᠠᠲᠤᠷ᠂ ᠨᠠᠷᠠᠨᠬᠤᠸᠠᠷ᠂ ᠲᠤᠶᠠᠭ᠎ᠠ᠂ ᠠᠯᠲᠠᠨᠰᠠᠩ ᠮᠡᠲᠦ ᠶ᠋ᠢᠨ ᠬᠥᠮᠦᠰ ᠪᠦᠷᠢ ᠲᠡᠭᠦᠨ ᠦ᠌ ᠪᠢᠴᠢᠯᠭᠡ ᠶ᠋ᠢᠨ ᠬᠡᠪ ᠨᠠᠮᠪᠠ ᠲᠠᠢ ᠲᠡᠭᠦᠨ ᠦ᠌ ᠤᠷᠤᠰᠬᠠᠯ ᠪᠦᠯᠦᠭ ᠦ᠋ᠨ ᠬᠢᠨ ᠲᠥᠯᠥᠭᠡᠨ ᠦ᠌ ᠬᠥᠮᠦᠨ ᠪᠣᠯᠤᠨ᠎ᠠ᠃
ᠡᠷᠲᠡᠨᠢᠪᠦ᠋ᠬᠡ ᠶ᠋ᠢᠨ ᠤᠷᠠᠨ ᠪᠢᠴᠢᠯᠭᠡ (ᠳᠠᠭᠠᠯᠳᠤᠭᠤᠯᠤᠯ ᠵᠢᠷᠤᠭ )

