ᠪᠠᠶᠠᠨ ᠬᠠᠩᠭᠠᠢ-ᠡᠷᠢᠯ ᠬᠠᠮᠲᠤᠯᠢᠭБаян хангай-Эрэл хамтлаг
ᠦᠭᠡ᠄ ᠪᠣᠲᠣᠭᠣᠨᠪᠤᠢᠯᠠᠭᠠᠨ
ᠠᠶᠠᠯᠭᠤ᠄ ᠤᠷᠠᠳ ᠬᠥᠭᠵᠢᠯᠲᠦ
ᠬᠥᠭᠵᠢᠮ ᠨᠠᠢᠷᠠᠭᠤᠯᠤᠭᠴᠢ᠄ ᠤᠷᠠᠳ ᠬᠥᠭᠵᠢᠯᠲᠦ
《ᠡᠷᠢᠯ》 ᠬᠠᠮᠲᠤᠯᠢᠭ ᠲᠣᠭᠯᠠᠨ᠎ᠠ
ᠮᠠᠩᠬ᠎ᠠ ᠪᠣᠷᠣᠯᠵᠢ ᠦᠷᠭᠦᠯᠵᠢᠯᠡᠭᠰᠡᠨ ᠨᠤᠲᠤᠭ ᠲᠠᠢ ᠰᠠᠨ
ᠡᠵᠢ ᠮᠢᠨᠢ ᠬᠥᠭᠡᠷᠦᠬᠦᠢ ᠰᠦ ᠪᠡᠨ ᠡᠷᠭᠦᠵᠦ ᠠᠷᠢᠭᠤᠯᠠᠭᠰᠠᠨ ᠭᠠᠵᠠᠷ ᠠ᠋
ᠭᠦᠶᠦᠭᠦᠯ ᠴᠠᠭᠠᠨ ᠠᠳᠤᠭᠤᠳ ᠢᠵᠢᠯᠢ ᠳ᠋ᠦ᠍ ᠪᠡᠨ ᠬᠣᠷᠭᠣᠳᠠᠭᠰᠠᠭᠠᠷ ᠢᠷᠡᠳᠡᠭ ᠰᠠᠨ
ᠠᠪᠤ ᠮᠢᠨᠢ ᠬᠥᠭᠡᠷᠦᠬᠦᠢ ᠳᠠᠭᠤᠤ ᠪᠠᠨ ᠰᠢᠷᠤᠩᠬᠠᠢᠯᠠᠭᠰᠠᠨ
ᠭᠠᠵᠠᠷ ᠠ᠋
ᠰᠦᠮᠡᠨ ᠬᠣᠯᠠ ᠶ᠋ᠢᠨ ᠵᠢᠷᠠᠨ ᠬᠠᠢᠯᠠᠰᠤ
ᠰᠡᠳᠬᠢᠯ ᠦ᠋ᠨ ᠨᠥᠮᠥᠷᠢ ᠬᠣᠶᠠᠷ ᠲᠤᠯᠤᠨ ᠮᠢᠨᠢ
ᠪᠠᠶᠠᠨ ᠬᠠᠩᠭᠠᠢ ᠬᠠᠷ᠎ᠠ ᠨᠢᠳᠦᠨ ᠨᠤᠲᠤᠭ
ᠪᠠᠶᠠᠨ ᠬᠠᠩᠭᠠᠢ ᠮᠢᠨᠦ ᠨᠤᠲᠤᠭ
ᠴᠠᠢᠳᠠᠮ ᠱᠠᠩᠳᠠ ᠦᠷᠭᠦᠯᠵᠢᠯᠡᠭᠰᠡᠨ ᠨᠤᠲᠤᠭ ᠲᠠᠢ ᠰᠠᠨ
ᠡᠵᠢ ᠮᠢᠨᠢ ᠬᠥᠭᠡᠷᠦᠬᠦᠢ ᠬᠡᠦᠬᠡᠳ ᠢ᠋ᠶ᠋ᠡᠨ ᠲᠣᠭᠯᠠᠭᠤᠯᠵᠤ ᠥᠰᠬᠡᠭᠰᠡᠨ ᠭᠠᠵᠠᠷ ᠠ᠋
ᠨᠡᠭᠦᠳᠡᠯ ᠦ᠋ᠨ ᠰᠢᠪᠠᠭᠤᠳ ᠥᠨᠵᠢᠨ ᠬᠣᠷᠭᠣᠳᠠᠵᠤ ᠬᠣᠨᠣᠮᠠᠷ ᠪᠠᠢᠳᠠᠭ ᠰᠠᠨ
ᠠᠪᠤ ᠮᠢᠨᠢ ᠬᠥᠭᠡᠷᠦᠬᠦᠢ ᠠᠳᠤᠭᠤ ᠪᠠᠨ ᠮᠠᠨᠠᠵᠤ ᠥᠲᠡᠯᠦᠭᠰᠡᠨ ᠭᠠᠵᠠᠷ ᠠ᠋
ᠰᠦᠮᠡᠨ ᠬᠣᠯᠠ ᠶ᠋ᠢᠨ ᠵᠢᠷᠠᠨ ᠬᠠᠢᠯᠠᠰᠤ
ᠰᠡᠳᠬᠢᠯ ᠦ᠋ᠨ ᠨᠥᠮᠥᠷᠢ ᠬᠣᠶᠠᠷ ᠲᠤᠯᠤᠨ ᠮᠢᠨᠢ
ᠪᠠᠶᠠᠨ ᠬᠠᠩᠭᠠᠢ ᠬᠠᠷ᠎ᠠ ᠨᠢᠳᠦᠨ ᠨᠤᠲᠤᠭ
ᠪᠠᠶᠠᠨ ᠬᠠᠩᠭᠠᠢ ᠮᠢᠨᠦ ᠨᠤᠲᠤᠭ
ᠵᠡᠭᠦᠳᠦᠨ ᠬᠣᠯᠠ ᠶ᠋ᠢᠨ ᠭᠤᠷᠪᠠᠨ ᠪᠤᠯᠠᠭ ᠮᠢᠨᠢ
ᠵᠢᠷᠦᠬᠡᠨ ᠦ᠌ ᠠᠷᠭᠠᠮᠵᠢᠶ᠎ᠠ ᠰᠢᠯᠢ ᠬᠥᠳᠡᠭᠡ ᠮᠢᠨᠢ
ᠪᠠᠶᠠᠨ ᠬᠠᠩᠭᠠᠢ ᠬᠠᠷ᠎ᠠ ᠨᠢᠳᠦᠨ ᠨᠤᠲᠤᠭ
ᠪᠠᠶᠠᠨ ᠬᠠᠩᠭᠠᠢ ᠮᠢᠨᠦ ᠨᠤᠲᠤᠭ ᠪᠠᠶᠠᠨ ᠬᠠᠩᠭᠠᠢ ᠬᠠᠷ᠎ᠠ ᠨᠢᠳᠦᠨ ᠨᠤᠲᠤᠭ
ᠪᠠᠶᠠᠨ ᠬᠠᠩᠭᠠᠢ ᠰᠦᠮᠡᠨ ᠬᠣᠯᠠ ᠶ᠋ᠢᠨ ᠵᠢᠷᠠᠨ ᠬᠠᠢᠯᠠᠰᠤ
ᠰᠡᠳᠬᠢᠯ ᠦ᠋ᠨ ᠨᠥᠮᠥᠷᠢ ᠬᠣᠶᠠᠷ ᠲᠤᠯᠤᠨ ᠮᠢᠨᠢ
ᠪᠠᠶᠠᠨ ᠬᠠᠩᠭᠠᠢ ᠬᠠᠷ᠎ᠠ ᠨᠢᠳᠦᠨ ᠨᠤᠲᠤᠭ
ᠪᠠᠶᠠᠨ ᠬᠠᠩᠭᠠᠢ ᠮᠢᠨᠦ ᠨᠤᠲᠤᠭ
ᠵᠡᠭᠦᠳᠦᠨ ᠬᠣᠯᠠ ᠶ᠋ᠢᠨ ᠭᠤᠷᠪᠠᠨ ᠪᠤᠯᠠᠭ ᠮᠢᠨᠢ
ᠵᠢᠷᠦᠬᠡᠨ ᠦ᠌ ᠠᠷᠭᠠᠮᠵᠢᠶ᠎ᠠ ᠰᠢᠯᠢ ᠬᠥᠳᠡᠭᠡ ᠮᠢᠨᠢ
ᠪᠠᠶᠠᠨ ᠬᠠᠩᠭᠠᠢ ᠬᠠᠷ᠎ᠠ ᠨᠢᠳᠦᠨ ᠨᠤᠲᠤᠭ
ᠪᠠᠶᠠᠨ ᠬᠠᠩᠭᠠᠢ ᠮᠢᠨᠦ ᠨᠤᠲᠤᠭ
ᠦᠰᠦᠭ ᠠᠮᠢᠯᠠᠭᠤᠯᠤᠭᠴᠢ᠄ ᠰᠣᠳᠣ
ᠦᠰᠦᠭ ᠬᠠᠲᠠᠭᠴᠢ᠄ ᠰᠣᠳᠣ
ᠬᠢᠨᠠᠭᠴᠢ᠄ ᠥᠨᠢᠮᠥ᠋ᠩᠬᠡ᠂ ᠣᠳᠬᠠᠨᠰᠤ᠎ᠠ
