ᠨᠠᠷᠠᠨ ᠰᠠᠷᠠᠨ ᠭᠠᠷᠠᠭ- ᠠᠮᠤᠷᠭᠦᠦНаран саран гараг-Амрхүү
ᠨᠠᠷᠠᠨ ᠰᠠᠷᠠᠨ ᠭᠠᠷᠠᠭ
ᠦᠭᠡ ᠄ ᠠ ᠂ ᠣᠳᠬᠣᠨᠪᠠᠶᠠᠷ (ᠳᠠᠷᠬᠠᠨ ᠮᠤᠤᠮᠢᠩᠭᠠᠨ)
ᠠᠶᠠᠯᠭᠤ ᠄ ᠰᠠᠷᠠᠩᠭᠤᠤ᠎ᠠ (ᠰᠢᠯᠤᠭᠤᠨ ᠴᠠᠭᠠᠨ)
ᠳᠠᠭᠤᠴᠢᠨ ᠄ ᠠᠮᠤᠷᠭᠦᠦ (ᠳᠠᠷᠬᠠᠨ ᠮᠤᠤᠮᠢᠩᠭᠠᠨ)
ᠪᠣᠳᠣᠯ ᠤ᠋ᠨ ᠬᠣᠢᠮᠣᠷ ᠲᠤ ᠰᠡᠬᠦᠢᠭᠰᠡᠨ
ᠪᠤᠭᠤᠷᠤᠯ ᠬᠠᠢᠷᠬᠠᠨ ᠂ ᠠᠪᠤ ᠮᠢᠨᠢ ᠠ᠋
ᠪᠤᠷᠤᠭᠤ ᠶ᠋ᠢ ᠮᠢᠨᠢ ᠵᠠᠰᠠᠵᠤ ᠂ ᠬᠠᠵᠠᠭᠠᠢ ᠶ᠋ᠢ ᠮᠢᠨᠢ ᠵᠠᠯᠠᠭᠰᠠᠨ
ᠪᠤᠷᠬᠠᠨ ᠤ᠋ ᠤᠬᠠᠭᠠᠨ ᠲᠠᠢ ᠵᠠᠮᠴᠢ ᠮᠢᠨᠢ ᠠ᠋ ᠃
ᠰᠡᠳᠬᠢᠯ ᠦ᠋ᠨ ᠥᠨᠳᠥᠷ ᠲᠤ ᠮᠢᠰᠢᠶᠡᠭᠰᠡᠨ
ᠰᠦᠨ ᠳᠠᠯᠠᠢ ᠡᠵᠢ ᠮᠢᠨᠢ ᠠ᠋
ᠪᠣᠳᠣᠯ ᠢ᠋ ᠮᠢᠨᠢ ᠲᠤᠮᠨᠠᠵᠤ ᠂ ᠵᠠᠩ ᠢ᠋ ᠮᠢᠨᠢ ᠳᠣᠳᠣᠮᠳᠠᠭᠰᠠᠨ
ᠰᠢᠳᠢᠲᠦ ᠳᠠᠮ ᠲᠠᠢ ᠳᠣᠮᠴᠢ ᠮᠢᠨᠢ ᠠ᠋ ᠃
ᠨᠠᠮ᠎ᠠ ᠶ᠋ᠢ ᠬᠠᠢᠷ᠎ᠠ ᠪᠠᠷ ᠢᠪᠡᠭᠡᠭᠰᠡᠨ
ᠨᠠᠷᠠᠨ ᠤ᠋ ᠢᠯᠴᠢᠲᠡᠢ ᠬᠣᠷᠸ᠎ᠠ ᠮᠢᠨᠦ ᠵᠧ
ᠰᠠᠢᠬᠠᠨ ᠬᠠᠢᠷ᠎ᠠ ᠪᠠᠷ ᠪᠥᠭᠡᠴᠡᠢᠯᠡᠭᠰᠡᠨ
ᠰᠠᠷᠠᠨ ᠤ᠋ ᠭᠡᠭᠡ ᠲᠡᠢ ᠳᠡᠯᠡᠬᠡᠢ ᠮᠢᠨᠦ ᠵᠧ
ᠢᠲᠡᠭᠡᠯ ᠦ᠋ᠨ ᠡᠷᠴᠢ ᠴᠢᠩᠭᠠᠯᠠᠭᠰᠠᠨ
ᠡᠷ᠎ᠡ ᠶ᠋ᠢᠨ ᠲᠡᠭᠷᠢ ᠠᠪᠤ ᠮᠢᠨᠢ ᠠ᠋
ᠭᠠᠷ ᠠ᠋ᠴᠠ ᠮᠢᠨᠢ ᠬᠥᠲᠥᠯᠵᠦ ᠂ ᠭᠠᠨᠵᠤᠭ᠎ᠠ ᠠ᠋ᠴᠠ ᠮᠢᠨᠢ ᠠᠳᠬᠤᠭᠤᠯᠤᠭᠰᠠᠨ
ᠠᠮᠢᠳᠤᠷᠠᠯ ᠤ᠋ᠨ ᠤᠷ᠎ᠠ ᠲᠠᠢ ᠲᠦᠰᠢᠭ ᠮᠢᠨᠢ ᠠ᠋
ᠥᠭᠡᠳᠡ ᠪᠡᠨ ᠵᠠᠶᠠᠭ᠎ᠠ ᠲᠡᠭᠰᠢᠯᠡᠭᠰᠡᠨ
ᠥᠨᠢᠷ ᠳᠡᠯᠡᠬᠡᠢ ᠂ ᠡᠵᠢ ᠮᠢᠨᠢ ᠠ᠋
ᠪᠠᠶᠠᠷᠯᠠᠬᠤ ᠳ᠋ᠤ᠌ ᠮᠢᠨᠢ ᠡᠷᠬᠡᠯᠡᠭᠦᠯᠵᠦ ᠂ ᠭᠤᠨᠢᠬᠤ ᠳ᠋ᠤ᠌ ᠮᠢᠨᠢ ᠠᠷᠭᠠᠳᠠᠭᠰᠠᠨ
ᠪᠦᠤᠪᠠᠢ ᠶ᠋ᠢᠨ ᠠᠶᠠᠯᠭᠤ ᠲᠠᠢ ᠨᠥᠮᠥᠷᠢ ᠮᠢᠨᠢ ᠠ᠋ ᠃
ᠨᠠᠮ᠎ᠠ ᠶ᠋ᠢ ᠬᠠᠢᠷ᠎ᠠ ᠪᠠᠷ ᠢᠪᠡᠭᠡᠭᠰᠡᠨ
ᠨᠠᠷᠠᠨ ᠤ᠋ ᠢᠯᠴᠢᠲᠡᠢ ᠬᠣᠷᠸ᠎ᠠ ᠮᠢᠨᠦ ᠵᠧ
ᠰᠠᠢᠬᠠᠨ ᠬᠠᠢᠷ᠎ᠠ ᠪᠠᠷ ᠪᠥᠭᠡᠴᠡᠢᠯᠡᠭᠰᠡᠨ
ᠰᠠᠷᠠᠨ ᠤ᠋ ᠭᠡᠭᠡ ᠲᠡᠢ ᠳᠡᠯᠡᠬᠡᠢ ᠮᠢᠨᠦ ᠵᠧ
ᠬᠠᠯᠠᠮᠵᠢ ᠶ᠋ᠢᠨ ᠭᠠᠷ ᠢ᠋ᠶ᠋ᠠᠷ ᠢ᠋ᠶ᠋ᠠᠨ ᠢᠯᠪᠢᠭᠰᠡᠨ
ᠬᠠᠢᠷ᠎ᠠ ᠶ᠋ᠢᠨ ᠬᠣᠶᠠᠷ ᠰᠢᠲᠦᠭᠡᠨ ᠮᠢᠨᠢ ᠠ᠋
ᠮᠣᠷᠳᠠᠬᠤ ᠳ᠋ᠤ᠌ ᠮᠢᠨᠢ ᠢᠷᠦᠭᠡᠵᠦ ᠂ ᠢᠷᠡᠬᠦ ᠳ᠋ᠦ᠍ ᠮᠢᠨᠢ ᠦᠨᠦᠰᠦᠭᠰᠡᠨ
ᠥᠮᠥᠯᠵᠡᠬᠦ ᠰᠡᠳᠬᠢᠯ ᠦ᠋ᠨ ᠣᠨᠳᠣᠷᠣᠭ᠎ᠠ ᠮᠢᠨᠢ ᠠ᠋
ᠬᠦᠰᠡᠯ ᠦ᠋ᠨ ᠵᠢᠭᠦᠷ ᠲᠡᠯᠡᠭᠦᠯᠦᠭᠰᠡᠨ
ᠬᠥᠮᠦᠨ ᠵᠠᠶᠠᠭᠠᠨ ᠤ᠋ ᠡᠯᠴᠢᠨ ᠮᠢᠨᠢ ᠠ᠋
ᠲᠥᠭᠡᠷᠭᠡ ᠪᠡᠷ ᠮᠢᠨᠢ ᠤᠴᠠᠷᠠᠵᠤ ᠬᠡᠰᠢᠭ ᠢ᠋ ᠮᠢᠨᠢ ᠬᠤᠷᠤᠢᠯᠠᠭᠰᠠᠨᠨ
ᠨᠠᠷᠠᠨ ᠰᠠᠷᠠᠨ ᠭᠠᠷᠠᠭ ᠮᠢᠨᠢ ᠠ᠋ ᠃
ᠨᠠᠮ᠎ᠠ ᠶ᠋ᠢ ᠬᠠᠢᠷ᠎ᠠ ᠪᠠᠷ ᠢᠪᠡᠭᠡᠭᠰᠡᠨ
ᠨᠠᠷᠠᠨ ᠤ᠋ ᠢᠯᠴᠢᠲᠡᠢ ᠬᠣᠷᠸ᠎ᠠ ᠮᠢᠨᠦ ᠵᠧ
ᠰᠠᠢᠬᠠᠨ ᠬᠠᠢᠷ᠎ᠠ ᠪᠠᠷ ᠪᠥᠭᠡᠴᠡᠢᠯᠡᠭᠰᠡᠨ
ᠰᠠᠷᠠᠨ ᠤ᠋ ᠭᠡᠭᠡ ᠲᠡᠢ ᠳᠡᠯᠡᠬᠡᠢ ᠮᠢᠨᠦ ᠵᠧ ᠃
ᠹᠢᠯᠢᠮ ᠵᠢᠷᠤᠭ ᠤ᠋ᠨ ᠨᠠᠢᠷᠠᠭᠤᠯᠤᠭᠴᠢ ᠄ ᠴᠣᠭᠪᠢᠯᠢᠭ᠌
ᠦᠰᠦᠭ ᠬᠠᠲᠠᠵᠤ ᠂ ᠠᠮᠢᠯᠠᠭᠤᠯᠤᠭᠴᠢ ᠄ ᠴᠣᠭᠪᠢᠯᠢᠭ᠌
ᠦᠰᠦᠭ ᠬᠢᠨᠠᠭᠴᠢ᠄ ᠮᠥᠴᠢᠷ᠂
ᠹᠢᠯᠢᠮ ᠬᠢᠨᠠᠭᠴᠢ ᠄ ᠤᠳᠬᠠᠡᠴᠡᠴᠡᠭ
