ᠥᠯᠥᠭᠡᠢ ᠨᠤᠲᠤᠭ ᠢ᠋ᠶ᠋ᠠᠨ ᠮᠠᠭᠲᠠᠨ ᠳᠠᠭᠤᠯᠠᠶ᠎ᠠӨлгий нутгаа магтан дуулъя
ᠥᠯᠥᠭᠡᠢ ᠨᠤᠲᠤᠭ ᠢ᠋ᠶ᠋ᠠᠨ ᠮᠠᠭᠲᠠᠨ ᠳᠠᠭᠤᠯᠠᠶ᠎ᠠ
ᠦᠭᠡ᠄ ᠣ ᠴᠠᠭᠳᠤᠷᠰᠡᠷᠡᠩ
ᠠᠶ᠎ᠠ᠄ ᠣᠶᠤᠨᠮᠥ᠋ᠷᠡᠨ
MD ᠬᠥᠭᠵᠢᠮ᠄ ᠮᠦᠩᠭᠦᠨᠱᠠ
ᠲᠩᠷᠢ ᠡᠴᠡ ᠢᠪᠡᠭᠡᠯ ᠲᠡᠢ ᠨᠤᠲᠤᠭ ᠮᠢᠨᠢ ᠰᠠᠷᠠᠭᠤᠯᠬᠠᠨ
ᠳᠡᠭᠡᠳᠦᠰ ᠦ᠋ᠨ ᠢᠷᠦᠭᠡᠯ ᠲᠡᠢ ᠥᠯᠥᠭᠡᠢ ᠮᠢᠨᠢ ᠳᠤᠯᠠᠭᠠᠬᠠᠨ
ᠮᠠᠯᠵᠢᠯ ᠤ᠋ᠨ ᠰᠣᠶᠣᠯ ᠲᠠᠢ ᠬᠥᠳᠡᠭᠡ ᠮᠢᠨᠢ ᠠᠭᠤᠳᠠᠮᠬᠠᠨ
ᠮᠣᠩᠭᠣᠯ ᠤᠳᠤᠮ ᠲᠠᠢ ᠠᠷᠠᠳ ᠮᠢᠨᠢ ᠰᠠᠢᠬᠠᠨ
ᠥᠨᠢᠷ ᠪᠠᠶᠠᠯᠢᠭ ᠮᠣᠩᠭᠣᠯ ᠨᠤᠲᠤᠭ ᠮᠢᠨᠢ
ᠥᠷᠥᠴᠡ ᠵᠢᠷᠦᠬᠡᠨ ᠦ᠌ ᠭᠦᠨ ᠡᠴᠡ ᠤᠶᠠᠭ᠎ᠠ ᠲᠠᠢ
ᠡᠭᠦᠷᠢᠳᠡ ᠬᠥᠭᠵᠢᠬᠦ ᠶ᠋ᠢᠨ ᠢᠷᠦᠭᠡᠯ ᠰᠢᠩᠭᠡᠭᠰᠡᠨ
ᠥᠯᠥᠭᠡᠢ ᠨᠤᠲᠤᠭ ᠢ᠋ᠶ᠋ᠠᠨ ᠮᠠᠭᠲᠠᠨ ᠳᠠᠭᠤᠯᠠᠶ᠎ᠠ
ᠦᠵᠡᠮᠵᠢ ᠪᠦᠷᠢᠳᠦᠭᠰᠡᠨ ᠲᠠᠯ᠎ᠠ ᠮᠢᠨᠢ ᠭᠣᠶᠣᠬᠠᠨ
ᠣᠪᠣᠭ᠎ᠠ ᠰᠦᠯᠳᠡ ᠶ᠋ᠢᠨ ᠮᠢᠨᠢ ᠰᠢᠲᠦᠭᠡᠨ ᠨᠢ ᠰᠦᠷᠯᠢᠭᠦᠨ
ᠦᠯᠢᠭᠡᠷ ᠳᠠᠭᠤᠤ ᠲᠠᠢ ᠲᠡᠦᠬᠡ ᠮᠢᠨᠢ ᠲᠣᠳᠣᠬᠠᠨ
ᠠᠤᠭ᠎ᠠ ᠪᠦᠲᠦᠭᠡᠯ ᠲᠡᠢ ᠮᠠᠯᠴᠢᠳ ᠮᠢᠨᠢ ᠴᠡᠩᠭᠡᠭᠦᠨ
ᠥᠨᠢᠷ ᠪᠠᠶᠠᠯᠢᠭ ᠮᠣᠩᠭᠣᠯ ᠨᠤᠲᠤᠭ ᠮᠢᠨᠢ
ᠥᠷᠥᠴᠡ ᠵᠢᠷᠦᠬᠡᠨ ᠦ᠌ ᠭᠦᠨ ᠡᠴᠡ ᠤᠶᠠᠭ᠎ᠠ ᠲᠠᠢ
ᠡᠭᠦᠷᠢᠳᠡ ᠬᠥᠭᠵᠢᠬᠦ ᠶ᠋ᠢᠨ ᠢᠷᠦᠭᠡᠯ ᠰᠢᠩᠭᠡᠭᠰᠡᠨ
ᠥᠯᠥᠭᠡᠢ ᠨᠤᠲᠤᠭ ᠢ᠋ᠶ᠋ᠠᠨ ᠮᠠᠭᠲᠠᠨ ᠳᠠᠭᠤᠯᠠᠶ᠎ᠠ
ᠮᠣᠩᠭᠣᠯ ᠮᠣᠷᠢᠨ ᠤ᠋ ᠮᠢᠨᠢ ᠰᠢᠨᠳᠠᠰᠤ ᠡᠷᠴᠢᠯᠡᠭᠦᠨ
ᠮᠠᠨᠳᠤᠬᠤ ᠲᠥᠷᠥ ᠶ᠋ᠢᠨ ᠮᠢᠨᠢ ᠰᠣᠶᠣᠯ ᠬᠥᠭᠵᠢᠭᠦᠨ
ᠤᠷᠲᠤ ᠶ᠋ᠢᠨ ᠳᠠᠭᠤᠤ ᠮᠢᠨᠢ ᠢᠷᠠᠭᠤ ᠡᠭᠡᠰᠢᠭᠯᠡᠭᠦᠨ
ᠣᠷᠳᠣᠰ ᠬᠤᠷᠢᠮ ᠤ᠋ᠨ ᠮᠢᠨᠢ ᠶᠣᠰᠣ ᠨᠢ ᠲᠥᠪᠯᠡᠷᠡᠭᠦᠨ
ᠥᠨᠢᠷ ᠪᠠᠶᠠᠯᠢᠭ ᠮᠣᠩᠭᠣᠯ ᠨᠤᠲᠤᠭ ᠮᠢᠨᠢ
ᠥᠷᠥᠴᠡ ᠵᠢᠷᠦᠬᠡᠨ ᠦ᠌ ᠭᠦᠨ ᠡᠴᠡ ᠤᠶᠠᠭ᠎ᠠ ᠲᠠᠢ
ᠡᠭᠦᠷᠢᠳᠡ ᠬᠥᠭᠵᠢᠬᠦ ᠶ᠋ᠢᠨ ᠢᠷᠦᠭᠡᠯ ᠰᠢᠩᠭᠡᠭᠰᠡᠨ
ᠥᠯᠥᠭᠡᠢ ᠨᠤᠲᠤᠭ ᠢ᠋ᠶ᠋ᠠᠨ ᠮᠠᠭᠲᠠᠨ ᠳᠠᠭᠤᠯᠠᠶ᠎ᠠ
ᠦᠰᠦᠭ ᠠᠮᠢᠯᠠᠭᠤᠯᠤᠭᠴᠢ᠄ ᠪᠠᠳᠠᠷᠠᠯᠲᠤ
ᠦᠰᠦᠭ ᠬᠠᠲᠠᠵᠤ ᠬᠢᠨᠠᠭᠰᠠᠨ ᠨᠢ᠄ ᠬᠠᠷᠬᠠᠲᠠᠨ ᠷ· ᠴᠢᠷᠮᠠᠢᠯᠲᠤ
