ᠤᠯᠠᠭᠠᠨ ᠨᠠᠷᠠᠰᠤУлаан нарс ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠯᠠᠭᠠᠨ ᠨᠠᠷᠠᠰᠤУлаан нарс

ᠤᠯᠠᠭᠠᠨ ᠨᠠᠷᠠᠰᠤУлаан нарс

2024-03-22

411

ᠤᠯᠠᠭᠠᠨ ᠨᠠᠷᠠᠰᠤ

           ᠨᠠᠷᠠᠰᠤ ᠶ᠋ᠢᠨ ᠢᠵᠠᠭᠤᠷ 
       
ᠮᠥᠩᠬᠡ ᠨᠣᠭᠣᠭᠠᠨ ᠲᠤᠷᠤᠭ ᠮᠣᠳᠣ᠂ 30m ᠭᠠᠷᠤᠢ ᠥᠨᠳᠥᠷ ᠪᠠ ᠶᠡᠷᠦ ᠳ᠋ᠡᠭᠡᠨ ᠳ᠋ᠢᠶᠠᠮᠧᠲ᠋ᠷ ᠨᠢ80cm᠂ ᠵᠠᠷᠢᠮ ᠨᠢ1.5m ᠴᠤ᠌ ᠪᠣᠢ᠃ ᠬᠣᠯᠲᠣᠰᠣ ᠨᠢ ᠤᠯᠠᠭᠠᠨ ᠬᠦᠷᠡᠩ ᠪᠥᠭᠡᠳ ᠬᠠᠢᠷᠰᠤᠨ ᠬᠡᠯᠪᠡᠷᠢ ᠲᠡᠢ ᠪᠡᠷ ᠱᠠᠭᠠᠷᠠᠵᠤ ᠤᠨᠠᠨ᠎ᠠ᠃ ᠵᠢᠵᠢᠭ ᠮᠥᠴᠢᠷ ᠨᠢ ᠬᠠᠷᠠᠪᠲᠤᠷ ᠬᠦᠷᠡᠩ᠃ ᠰᠢᠨ᠎ᠡ ᠮᠥᠴᠢᠷ ᠨᠢ ᠤᠯᠠᠪᠤᠷ ᠰᠢᠷ᠎ᠠ᠂ ᠨᠢᠭ ᠤᠷᠭᠤᠭᠰᠠᠨ ᠴᠡᠯᠮᠡᠨ ᠦᠰᠦ ᠲᠡᠢ᠃ ᠰᠢᠯᠮᠦᠦᠰᠦ ᠨᠢ ᠲᠠᠪᠤ ᠲᠠᠪᠤ ᠪᠠᠷ ᠤᠷᠭᠤᠨ᠎ᠠ᠂8—12cm ᠤᠷᠲᠤ᠂ ᠬᠣᠶᠠᠷ ᠲᠠᠯ᠎ᠠ ᠳ᠋ᠠᠭᠠᠨ5—7 ᠮᠥᠷ ᠴᠠᠭᠠᠨ ᠥᠩᠭᠡᠲᠡᠢ ᠬᠡᠢ ᠶ᠋ᠢᠨ ᠠᠮᠠᠰᠠᠷ ᠤ᠋ᠨ ᠴᠤᠪᠤᠭ᠎ᠠ ᠲᠠᠢ᠂ ᠬᠥᠪᠡᠭᠡ ᠳ᠋ᠦ᠍ᠨᠢ ᠪᠠᠰᠠ ᠨᠠᠷᠢᠨ ᠬᠢᠷᠥᠭᠡᠨ ᠰᠢᠳᠦ ᠲᠡᠢ᠃ ᠨᠠᠪᠴᠢᠨ ᠤ᠋ ᠲᠣᠭᠳᠣᠢ ᠨᠢ ᠡᠷᠲᠡ ᠤᠨᠠᠨ᠎ᠠ᠃ ᠴᠡᠴᠡᠭ ᠨᠢ ᠭᠠᠭᠴᠠ ᠪᠡᠯᠭᠡ ᠲᠡᠢ᠂ ᠨᠢᠭᠡ ᠭᠡᠷ ᠲᠡᠢ᠃ ᠡᠷ᠎ᠡ ᠪᠠᠭ ᠴᠡᠴᠡᠭ ᠨᠢ ᠪᠥᠭᠡᠷᠡᠩᠬᠡᠢ ᠪᠠᠭᠠᠨ᠎ᠠ ᠬᠡᠯᠪᠡᠷᠢ ᠲᠡᠢ᠂ ᠰᠢᠨ᠎ᠡ ᠮᠥᠴᠢᠷ ᠦ᠋ᠨ ᠤᠭ ᠲᠤ ᠪᠠᠭᠯᠠᠷᠠᠨ ᠤᠷᠭᠤᠨ᠎ᠠ᠂ ᠤᠯᠠᠪᠲᠤᠷ ᠰᠢᠷ᠎ᠠ ᠥᠩᠭᠡᠲᠡᠢ᠃ ᠡᠮ᠎ᠡ ᠪᠠᠭ ᠴᠡᠴᠡᠭ ᠨᠢ ᠨᠣᠭᠣᠪᠲᠤᠷ ᠬᠦᠷᠡᠩ᠂ ᠭᠣᠣᠯ ᠮᠥᠴᠢᠷ ᠪᠤᠶᠤ ᠬᠠᠵᠠᠭᠤ ᠶ᠋ᠢᠨ ᠮᠥᠴᠢᠷ ᠦ᠋ᠨ ᠣᠷᠣᠢ ᠳ᠋ᠤ᠌ ᠭᠠᠭᠴᠠᠭᠠᠷ ᠤᠷᠭᠤᠨ᠎ᠠ᠂ ᠡᠰᠡᠬᠦᠯ᠎ᠡ ᠬᠡᠳᠦ ᠬᠡᠳᠦ ᠪᠡᠷ ᠪᠠᠭᠯᠠᠷᠠᠨ ᠤᠷᠭᠤᠨ᠎ᠠ᠃ ᠪᠣᠷᠭᠣᠴᠣᠭ ᠨᠢ ᠨᠡᠯᠢᠶᠡᠳ ᠲᠣᠮᠣ᠂ 9—14cm ᠤᠷᠲᠤ ᠪᠥᠭᠡᠳ ᠥᠨᠳᠡᠭᠡᠯᠵᠢᠨ ᠤᠷᠲᠤ ᠪᠥᠭᠡᠷᠡᠩᠬᠡᠢ᠃ ᠦᠷ᠎ᠡ ᠶ᠋ᠢᠨ ᠬᠠᠢᠷᠰᠤ ᠨᠢ ᠷᠣᠮᠪ ᠰᠢᠭ᠋ ᠪᠤᠶᠤ ᠷᠣᠮᠪ ᠰᠢᠭ᠋ ᠥᠨᠳᠡᠭᠡᠯᠵᠢᠨ᠂ ᠪᠣᠯᠪᠠᠰᠤᠷᠠᠪᠠᠯ ᠰᠢᠷᠠᠪᠲᠤᠷ ᠬᠦᠷᠡᠩ ᠪᠣᠯᠤᠨ᠎ᠠ᠂ ᠠᠷᠤ ᠵᠦᠭ ᠲᠡᠭᠡᠨ ᠮᠠᠲᠠᠷᠢᠭᠰᠠᠨ ᠦᠵᠦᠭᠦᠷ ᠲᠡᠢ᠂ ᠥᠪᠥᠷ ᠲᠠᠯ᠎ᠠ ᠳ᠋ᠤᠨᠢ ᠪᠠᠢᠬᠤ ᠬᠣᠶᠠᠷ ᠦᠷ᠎ᠡ ᠨᠢ ᠲᠣᠮᠣ᠂ ᠳᠠᠯᠠᠪᠴᠢ ᠦᠭᠡᠢ᠂ ᠤᠯᠠᠪᠲᠤᠷ ᠬᠦᠷᠡᠩ᠃
       
ᠠᠭᠤᠯᠠ ᠶ᠋ᠢᠨ ᠴᠢᠭᠢᠭᠯᠢᠭ ᠬᠠᠵᠠᠭᠤ ᠪᠠᠷ ᠣᠯᠠᠩᠬᠢ ᠳ᠋ᠠᠭᠠᠨ ᠥᠷᠭᠡᠨ ᠨᠠᠪᠴᠢᠲᠤ ᠮᠣᠳᠣ ᠲᠠᠢ ᠬᠣᠯᠢᠯᠳᠤᠨ ᠤᠷᠭᠤᠵᠤ ᠬᠣᠯᠢᠮᠠᠭ ᠣᠢ ᠪᠣᠯᠳᠠᠭ᠃
       
ᠮᠠᠨ ᠤ᠋ ᠤᠯᠤᠰ ᠤ᠋ᠨ ᠯᠢᠶᠣᠤᠨᠢᠩ᠂ ᠬᠢᠷᠢᠨ᠂ ᠬᠠᠷᠠᠮᠦ᠋ᠷᠡᠨ ᠵᠡᠷᠭᠡ ᠮᠣᠵᠢ ᠪᠠᠷ ᠤᠷᠭᠤᠳᠠᠭ᠃
ᠮᠣᠳᠣ ᠶ᠋ᠢ ᠨᠢ ᠪᠠᠷᠢᠯᠭ᠎ᠠ ᠳ᠋ᠤ᠌ ᠬᠡᠷᠡᠭᠯᠡᠬᠦ ᠡᠴᠡ ᠭᠠᠳᠠᠨ᠎ᠠ ᠪᠠᠰᠠ ᠣᠩᠭᠣᠴᠠ᠂ ᠲᠡᠷᠭᠡ᠂ ᠴᠠᠬᠢᠯᠭᠠᠨ ᠤᠲᠠᠰᠤᠨ ᠤ᠋ ᠪᠠᠭᠠᠨ᠎ᠠ᠂ ᠳᠡᠷ᠎ᠡ ᠮᠣᠳᠣ ᠬᠢᠭᠡᠳ ᠪᠠᠭᠠᠵᠢ ᠬᠡᠷᠡᠭᠰᠡᠯ ᠵᠡᠷᠭᠡ ᠳ᠋ᠦ᠍ ᠬᠡᠷᠡᠭᠯᠡᠨ᠎ᠡ᠃ ᠡᠰᠢᠨ ᠡᠴᠡ ᠨᠢ ᠳᠠᠪᠠᠷᠬᠠᠢ ᠠᠪᠴᠤ ᠪᠣᠯᠤᠨ᠎ᠠ᠃ ᠦᠷ᠎ᠡ ᠶ᠋ᠢ ᠨᠢ ᠢᠳᠡᠵᠦ ᠪᠣᠯᠬᠤ ᠠ᠋ᠴᠠ ᠭᠠᠳᠠᠨ᠎ᠠ ᠪᠠᠰᠠ ᠲᠣᠰᠣ ᠠᠪᠴᠤ ᠪᠣᠯᠤᠨ᠎ᠠ᠃ ᠡᠰᠢ᠂ ᠦᠨᠳᠦᠰᠦ᠂ ᠰᠢᠯᠮᠦᠦᠰᠦ ᠡᠴᠡ ᠨᠢ ᠠᠩᠬᠢᠯᠤᠮ᠎ᠠ ᠲᠣᠰᠣ ᠠᠪᠤᠨ᠎ᠠ ᠦᠷ᠎ᠡ ᠨᠢ ᠪᠠᠰᠠ ᠡᠮ ᠳ᠋ᠦ᠍ ᠣᠷᠣᠨ᠎ᠠ᠃ ᠦᠵᠡᠮᠵᠢ ᠶ᠋ᠢᠨ ᠮᠣᠳᠣ᠃

ᠬᠢᠲᠠᠳ ᠨᠡᠷ᠎ᠡ᠄红松
ᠠᠩᠭ᠌ᠯᠢ ᠨᠡᠷ᠎ᠡ᠄ Pinus koraiensis Sieb.et Zucc.

   
ᠦᠰᠦᠭ ᠠᠮᠢᠯᠠᠭᠤᠯᠤᠭᠴᠢ᠄  ᠡᠷᠬᠢᠮᠪᠠᠭᠠᠲᠤᠷ
   
ᠬᠢᠨᠠᠭᠴᠢ᠄ ᠴᠠᠭᠠᠨ ᠲᠤᠶᠠᠭ᠎ᠠ