ᠴᠠᠭᠠᠨ ᠨᠠᠷᠠᠰᠤцагаан нарс ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭᠠᠨ ᠨᠠᠷᠠᠰᠤцагаан нарс

ᠴᠠᠭᠠᠨ ᠨᠠᠷᠠᠰᠤцагаан нарс

2024-03-21

434

ᠴᠠᠭᠠᠨ ᠨᠠᠷᠠᠰᠤ

             ᠨᠠᠷᠠᠰᠤ ᠶ᠋ᠢᠨ ᠢᠵᠠᠭᠤᠷ
       
ᠮᠥᠩᠬᠡ ᠨᠣᠭᠣᠭᠠᠨ ᠲᠤᠷᠤᠭ ᠮᠣᠳᠣ᠂ 25—30m ᠥᠨᠳᠥᠷ᠂ ᠳ᠋ᠢᠶᠠᠮᠧᠲ᠋ᠷ ᠨᠢ1m ᠂ ᠬᠠᠶᠠ3m ᠬᠢᠷᠢ ᠪᠣᠯᠬᠤ ᠴᠤ᠌ ᠪᠣᠢ᠃ ᠬᠣᠯᠲᠣᠰᠣ ᠨᠢ ᠨᠢᠯᠬ᠎ᠠ ᠦᠶ᠎ᠡ ᠳ᠋ᠡᠭᠡᠨ ᠨᠣᠭᠣᠪᠲᠤᠷ ᠬᠦᠷᠡᠩ᠂ ᠭᠡᠪᠡᠴᠦ ᠬᠣᠵᠢᠮ ᠳ᠋ᠠᠭᠠᠨ ᠨᠢᠮᠭᠡᠨ ᠢᠯᠲᠠᠰᠤ ᠪᠠᠷ ᠱᠠᠭᠠᠷᠠᠵᠤ ᠤᠨᠠᠪᠠᠯ ᠰᠦᠨ ᠴᠠᠭᠠᠨ ᠪᠤᠶᠤ ᠦᠨᠡᠰᠦᠨ ᠥᠩᠭᠡᠲᠡᠢ ᠪᠣᠯᠳᠠᠭ᠃ ᠰᠢᠯᠮᠦᠦᠰᠦ ᠨᠢ ᠭᠤᠷᠪᠠ ᠭᠤᠷᠪᠠ ᠪᠠᠷ ᠨᠢᠭᠡ ᠪᠠᠭᠴᠠ ᠪᠣᠯᠵᠤ ᠤᠷᠭᠤᠨ᠎ᠠ᠂ 5—10cm ᠤᠷᠲᠤ᠂ 4—7 ᠳᠠᠪᠠᠷᠬᠠᠢ ᠶ᠋ᠢᠨ ᠴᠣᠷᠭᠣ ᠲᠠᠢ ᠨᠠᠪᠴᠢᠨ ᠤ᠋ ᠲᠣᠭᠳᠣᠢ ᠨᠢ ᠡᠷᠲᠡ ᠤᠨᠠᠳᠠᠭ᠃ ᠴᠡᠴᠡᠭ ᠨᠢ ᠭᠠᠭᠴᠠ ᠪᠡᠯᠭᠡ ᠲᠡᠢ᠂ ᠨᠢᠭᠡ ᠭᠡᠷ ᠲᠡᠢ᠃ ᠡᠷ᠎ᠡ ᠪᠠᠭ ᠴᠡᠴᠡᠭ ᠨᠢ ᠱᠣᠷᠣᠯᠵᠢᠨ ᠬᠡᠯᠪᠡᠷᠢ ᠲᠡᠢ᠂ ᠮᠥᠴᠢᠷ ᠦ᠋ᠨ ᠦᠵᠦᠭᠦᠷ ᠲᠤ ᠤᠷᠭᠤᠨ᠎ᠠ᠃ ᠡᠮ᠎ᠡ ᠪᠠᠭ ᠴᠡᠴᠡᠭ ᠨᠢ ᠪᠠᠷᠢᠭᠤᠯ ᠲᠠᠢ᠂ ᠮᠥᠴᠢᠷ ᠦ᠋ᠨ ᠬᠠᠵᠠᠭᠤ ᠳ᠋ᠤ᠌ ᠤᠷᠭᠤᠨ᠎ᠠ᠃ ᠪᠣᠷᠭᠣᠴᠣᠭ ᠨᠢ ᠶᠡᠷᠦ ᠳ᠋ᠡᠭᠡᠨ ᠭᠠᠭᠴᠠᠭᠠᠷ ᠰᠠᠭᠤᠨ᠎ᠠ᠂ ᠥᠨᠳᠡᠭᠡᠯᠵᠢᠨ ᠪᠥᠭᠡᠷᠡᠩᠬᠡᠢ᠂ 5—7cm ᠤᠷᠲᠤ᠂ ᠪᠣᠯᠪᠠᠰᠤᠷᠠᠪᠠᠯ ᠰᠢᠷᠠᠪᠲᠤᠷ ᠬᠦᠷᠡᠩ ᠪᠣᠯᠤᠨ᠎ᠠ᠃ ᠦᠷ᠎ᠡ ᠶ᠋ᠢᠨ ᠬᠠᠢᠷᠰᠤ ᠨᠢ ᠥᠷᠭᠡᠨ᠂ ᠵᠤᠵᠠᠭᠠᠨ ᠦᠵᠦᠭᠦᠷ ᠲᠡᠢ᠃ ᠬᠠᠢᠷᠰᠤ ᠶ᠋ᠢᠨ ᠬᠦᠢᠰᠦ ᠨᠢ ᠢᠯᠡᠬᠡᠨ ᠥᠷᠭᠡᠰᠦᠨ ᠦᠵᠦᠭᠦᠷ ᠲᠡᠢ᠃ ᠦᠷ᠎ᠡ ᠨᠢ ᠲᠣᠩᠭᠣᠷᠠᠭᠤ ᠥᠨᠳᠡᠭᠡᠯᠵᠢᠨ᠂ 0.5—1cm ᠤᠷᠲᠤ᠂ 5mm ᠤᠷᠲᠤ ᠣᠯᠠᠪᠲᠤᠷ ᠬᠦᠷᠡᠩ ᠳᠠᠯᠠᠪᠴᠢ ᠲᠠᠢ᠃ ᠭᠡᠷᠡᠯᠰᠡᠭ ᠮᠣᠳᠣ᠃ ᠠᠭᠤᠯᠠ ᠶ᠋ᠢᠨ ᠴᠢᠭᠢᠭᠯᠢᠭ ᠬᠠᠵᠠᠭᠤ ᠪᠠᠷ ᠰᠠᠢᠨ ᠤᠷᠭᠤᠳᠠᠭ᠃ ᠪᠠᠰᠠ ᠠᠷᠠᠴᠢᠯᠠᠨ ᠵᠠᠢᠯᠠᠳᠠᠭ᠃
ᠮᠠᠨ ᠤ᠋ ᠤᠯᠤᠰ ᠤ᠋ᠨ ᠣᠨᠴᠠ ᠭᠠᠷᠤᠯᠲᠠ ᠮᠥᠨ᠃ ᠾᠧᠪᠧᠢ᠂ ᠱᠠᠨᠰᠢ᠂ ᠭᠠᠨᠰᠦ᠂ ᠱᠠᠨᠳᠦ᠋ᠩ᠂ ᠬᠤᠪᠧᠢ᠂ ᠾᠧᠨᠠᠨ᠂ ᠰᠧᠴᠤᠸᠠᠨ᠂ ᠵᠡᠭᠦᠨ ᠬᠣᠢᠲᠤ ᠣᠷᠣᠨ ᠬᠢᠭᠡᠳ ᠥᠪᠥᠷ ᠮᠣᠩᠭᠣᠯ ᠵᠡᠷᠭᠡ ᠮᠣᠵᠢ ᠣᠷᠣᠨ ᠳ᠋ᠤ᠌ ᠤᠷᠭᠤᠳᠠᠭ᠃
       
ᠮᠣᠳᠣ ᠶ᠋ᠢ ᠨᠢ ᠪᠠᠷᠢᠯᠭ᠎ᠠ᠂ ᠭᠡᠷ ᠦ᠋ᠨ ᠪᠠᠭᠠᠵᠢ ᠬᠡᠷᠡᠭᠰᠡᠯ ᠬᠢᠭᠡᠳ ᠪᠢᠴᠢᠭ ᠦ᠋ᠨ ᠪᠠᠭᠠᠵᠢ ᠬᠡᠷᠡᠭᠰᠡᠯ ᠬᠢᠬᠦ ᠳ᠋ᠦ᠍ ᠬᠡᠷᠡᠭᠯᠡᠨ᠎ᠡ᠃ ᠦᠷ᠎ᠡ ᠶ᠋ᠢ ᠨᠢ ᠢᠳᠡᠵᠦ ᠪᠣᠯᠤᠨ᠎ᠠ᠃ ᠮᠣᠳᠣᠨ ᠤ᠋ ᠤᠷᠭᠤᠭᠰᠠᠨ ᠪᠠᠢᠳᠠᠯ ᠨᠢ ᠮᠠᠰᠢ ᠭᠣᠶᠣ᠂ ᠦᠵᠡᠮᠵᠢ ᠶ᠋ᠢᠨ ᠮᠣᠳᠣ ᠶᠤᠮ᠃

ᠬᠢᠲᠠᠳ ᠨᠡᠷ᠎ᠡ ᠄白皮松
ᠠᠩᠭ᠌ᠯᠢ ᠨᠡᠷ᠎ᠡ᠄ Pinus bungeana Zucc.ex Endl.
   
ᠦᠰᠦᠭ ᠠᠮᠢᠯᠠᠭᠤᠯᠤᠭᠴᠢ᠄  ᠡᠷᠬᠢᠮᠪᠠᠭᠠᠲᠤᠷ
   
ᠬᠢᠨᠠᠭᠴᠢ᠄ ᠴᠠᠭᠠᠨ ᠲᠤᠶᠠᠭ᠎ᠠ