ᠰᠢᠨ᠎ᠡ ᠳᠤᠮᠳᠠᠳᠤ ᠤᠯᠤᠰ ᠤᠨ ᠤᠷᠠᠨ ᠪᠢᠴᠢᠯᠭᠡᠳᠡᠳ -<ᠨᠢᠭᠡ>1949 ᠣᠨ ᠠᠴᠠ ᠡᠮᠦᠨ᠎ᠡ ᠮᠡᠨᠳᠦᠯᠡᠭᠰᠡᠳ - ᠬᠡᠦ ᠪᠠᠲᠤᠪᠠᠶᠠᠷ Шинэ дундад улсын уран бичлэгдэд -<1>1949 оноос өмнө мэндэлсэд - Хүү Батбаяр ᠤᠷᠠᠨ ᠪᠢᠴᠢᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠢᠨ᠎ᠡ ᠳᠤᠮᠳᠠᠳᠤ ᠤᠯᠤᠰ ᠤᠨ ᠤᠷᠠᠨ ᠪᠢᠴᠢᠯᠭᠡᠳᠡᠳ -<ᠨᠢᠭᠡ>1949 ᠣᠨ ᠠᠴᠠ ᠡᠮᠦᠨ᠎ᠡ ᠮᠡᠨᠳᠦᠯᠡᠭᠰᠡᠳ - ᠬᠡᠦ ᠪᠠᠲᠤᠪᠠᠶᠠᠷ Шинэ дундад улсын уран бичлэгдэд -<1>1949 оноос өмнө мэндэлсэд - Хүү Батбаяр

ᠰᠢᠨ᠎ᠡ ᠳᠤᠮᠳᠠᠳᠤ ᠤᠯᠤᠰ ᠤᠨ ᠤᠷᠠᠨ ᠪᠢᠴᠢᠯᠭᠡᠳᠡᠳ -<ᠨᠢᠭᠡ>1949 ᠣᠨ ᠠᠴᠠ ᠡᠮᠦᠨ᠎ᠡ ᠮᠡᠨᠳᠦᠯᠡᠭᠰᠡᠳ - ᠬᠡᠦ ᠪᠠᠲᠤᠪᠠᠶᠠᠷ Шинэ дундад улсын уран бичлэгдэд -<1>1949 оноос өмнө мэндэлсэд - Хүү Батбаяр

ᠠᠩᠭᠢᠯᠠᠯ:ᠤᠷᠠᠨ ᠪᠢᠴᠢᠯᠭᠡ
2024-03-21

379

<ᠨᠢᠭᠡ> 1949 ᠣᠨ ᠠᠴᠠ ᠡᠮᠦᠨ᠎ᠡ ᠮᠡᠨᠳᠦᠯᠡᠭᠰᠡᠨ ᠤᠷᠠᠨ ᠪᠢᠴᠢᠯᠭᠡᠲᠡᠳ

—— ᠬᠡᠦ ᠪᠠᠲᠤᠪᠠᠶᠠᠷ Хүү Батбаяр


       ᠬᠡᠦ ᠪᠠᠲᠤᠪᠠᠶᠠᠷ (1917 - 1995)᠂ ᠡᠷᠡᠭᠲᠡᠢ᠂ ᠮᠣᠩᠭᠣᠯ ᠦᠨᠳᠦᠰᠦᠲᠡᠨ ( ᠪᠠᠰᠠ ᠨᠢᠩᠭ᠎ᠠ ᠭᠡᠳᠡᠭ )᠃ 1917 ᠣᠨ ᠤ᠋ 10 ᠰᠠᠷ᠎ᠠ ᠳ᠋ᠤ᠌ ᠤᠤᠯ ᠤ᠋ᠨ ᠠᠯᠠᠱᠠ ᠬᠤᠰᠢᠭᠤᠨ ᠤ᠋ ᠵᠡᠭᠦᠨ ᠪᠠᠯ ᠤ᠋ᠨ ᠪᠠᠭ ᠲᠤ᠌ ᠮᠠᠯᠴᠢᠨ ᠸᠴᠢᠷ ᠦ᠋ᠨ ᠤᠤᠭᠠᠨ ᠬᠦᠦ ᠪᠣᠯᠤᠨ ᠵᠠᠶᠠᠭᠠᠵᠠᠢ᠃ 1930 ᠣᠨ ᠳ᠋ᠤ᠌ ᠠᠯᠠᠱᠠ ᠶ᠋ᠢᠨ ᠬᠣᠱᠤᠳ ᠬᠤᠰᠢᠭᠤᠨ ᠤ᠋ ᠬᠣᠰᠢᠭᠤ ᠵᠠᠬᠢᠷᠤᠭᠴᠢ᠂ ᠶᠡᠬᠡ ᠪᠢᠴᠢᠭ ᠦ᠋ᠨ ᠬᠥᠮᠦᠨ ᠴᠸᠨ ᠡᠷᠳᠡᠨᠢᠪᠠᠲᠤ ᠶ᠋ᠢᠨ ᠱᠠᠪᠢ ᠪᠣᠯᠵᠤ ᠭᠤᠷᠪᠠᠨ ᠵᠢᠯ ᠮᠣᠩᠭᠣᠯ ᠪᠢᠴᠢᠭ ᠰᠤᠷᠤᠯᠴᠠᠭᠠᠳ᠂ 1933 ᠣᠨ ᠳ᠋ᠤ᠌ ᠬᠤᠰᠢᠭᠤᠨ ᠤ᠋ ᠲᠠᠮᠠᠭ᠎ᠠ ᠶ᠋ᠢᠨ ᠶᠠᠮᠤᠨ ᠳ᠋ᠤ᠌ ᠳᠠᠰᠬᠠᠯ ᠤ᠋ᠨ ᠪᠢᠴᠢᠭᠡᠴᠢ ᠪᠣᠯᠵᠠᠢ᠃ 1935 ᠣᠨ ᠠ᠋ᠴᠠ ᠡᠬᠢᠯᠡᠨ ᠲᠠᠮᠠᠭ᠎ᠠ ᠶ᠋ᠢᠨ ᠶᠠᠮᠤᠨ ᠤ᠋ ᠵᠢᠩᠬᠢᠨᠢ ᠪᠢᠴᠢᠭᠡᠴᠢ᠂ ᠰᠤᠮᠤᠨ ᠵᠠᠩᠭᠢ ᠳ᠋ᠤ᠌ ᠳᠠᠪᠰᠢᠨ᠂ 1940 ᠣᠨ ᠤ᠋ 2 ᠰᠠᠷ᠎ᠠ ᠳ᠋ᠤ᠌ ᠠᠯᠠᠱᠠ ᠬᠣᠱᠤᠳ ᠬᠤᠰᠢᠭᠤᠨ ᠤ᠋ ᠮᠣᠩᠭᠣᠯ ᠤᠳᠬ᠎ᠠ ᠶ᠋ᠢᠨ ᠪᠠᠭ᠎ᠠ ᠰᠤᠷᠭᠠᠭᠤᠯᠢ ᠶ᠋ᠢ ᠡᠭᠦᠰᠬᠡᠨ ᠪᠠᠢᠭᠤᠯᠵᠤ᠂ ᠮᠥᠨ ᠰᠤᠷᠭᠠᠭᠤᠯᠢ ᠳ᠋ᠤ᠌ ᠪᠠᠨ ᠬᠢᠴᠢᠶᠡᠯ ᠬᠥᠮᠦᠵᠢᠯ ᠦ᠋ᠨ ᠡᠷᠬᠢᠯᠡᠭᠴᠢ᠂ ᠳᠡᠳ᠋ ᠵᠠᠬᠢᠷᠤᠯ ᠤ᠋ᠨ ᠲᠤᠰᠢᠶᠠᠯ ᠢ᠋ ᠲᠠᠰᠢᠷᠯᠠᠨ ᠬᠠᠷᠢᠭᠤᠴᠠᠵᠤ ᠪᠠᠢᠵᠠᠢ ᠃ 1949 ᠣᠨ ᠤ᠋ 9 ᠰᠠᠷ᠎ᠠ ᠶ᠋ᠢᠨ 23 ᠳ᠋ᠤ᠌ ᠠᠯᠠᠱᠠ ᠬᠤᠰᠢᠭᠤᠨ ᠤ᠋ ᠨᠠᠢᠷᠠᠮᠳᠠᠯ ᠤ᠋ᠨ ᠪᠣᠰᠤᠯᠭ᠎ᠠ ᠳ᠋ᠤ᠌ ᠣᠷᠣᠯᠴᠠᠵᠤ᠂ ᠬᠤᠪᠢᠰᠬᠠᠯ ᠤ᠋ᠨ ᠠᠵᠢᠯ ᠢ᠋ᠶ᠋ᠠᠨ ᠡᠬᠢᠯᠡᠭᠦᠯᠦᠨ ᠮᠥᠨ ᠲᠤᠰ ᠰᠤᠷᠭᠠᠭᠤᠯᠢ ᠳ᠋ᠤ᠌ ᠪᠠᠨ ᠪᠠᠭᠰᠢᠯᠠᠨ ᠂ ᠵᠠᠬᠢᠷᠤᠯ ᠤ᠋ᠨ ᠲᠤᠰᠢᠶᠠᠯ ᠢ᠋ ᠡᠭᠦᠷᠭᠡᠯᠡᠵᠦ ᠪᠠᠢᠪᠠ᠃ 1961 ᠣᠨ ᠳ᠋ᠤ᠌ ᠠᠯᠠᠱᠠ ᠬᠤᠰᠢᠭᠤᠨ ᠤ᠋ ᠠᠷᠠᠳ ᠤ᠋ᠨ ᠵᠠᠰᠠᠭ ᠤ᠋ᠨ ᠣᠷᠳᠣᠨ ᠤ᠋ ᠰᠣᠶᠣᠯ ᠭᠡᠭᠡᠷᠡᠯ ᠦ᠋ᠨ ᠰᠠᠯᠠᠭ᠎ᠠ ᠳ᠋ᠤ᠌ ᠰᠢᠯᠵᠢᠨ ᠠᠵᠢᠯᠯᠠᠵᠤ᠂ ᠰᠤᠮᠤᠨ ᠤ᠋ ᠮᠠᠯᠴᠢᠨ ᠵᠠᠯᠠᠭᠤᠴᠤᠳ ᠢ᠋ ᠵᠠᠬᠢᠳᠠᠯ ᠢ᠋ᠶ᠋ᠠᠷ ᠰᠤᠷᠭᠠᠬᠤ ᠠᠵᠢᠯ ᠢ᠋ ᠡᠷᠬᠢᠯᠡᠨ ᠬᠢᠵᠦ᠂ ᠵᠡᠷᠭᠡ ᠳ᠋ᠦ᠍ᠨᠢ ᠬᠤᠰᠢᠭᠤᠨ ᠤ᠋ ᠲᠡᠦᠬᠡ ᠰᠤᠳᠤᠯᠬᠤ ᠲᠠᠰᠤᠯᠭ᠎ᠠ ᠶ᠋ᠢᠨ ᠡᠷᠬᠢᠯᠡᠭᠴᠢ ᠶ᠋ᠢ ᠬᠠᠪᠰᠤᠷᠭᠠᠨ ᠬᠠᠷᠢᠭᠤᠴᠠᠵᠤ᠂ ᠤᠷᠢᠳ ᠬᠣᠵᠢᠳ ᠮᠢᠩ᠂ ᠴᠢᠩ᠂ ᠢᠷᠭᠡᠨ ᠤᠯᠤᠰ ᠤ᠋ᠨ ᠦᠶ᠎ᠡ ᠶ᠋ᠢᠨ ᠠᠯᠠᠱᠠ ᠶ᠋ᠢᠨ ᠦᠯᠡᠮᠵᠢ ᠠᠷᠪᠢᠨ ᠲᠡᠦᠬᠡ ᠶ᠋ᠢᠨ ᠴᠢᠬᠤᠯᠠ ᠮᠠᠲ᠋ᠧᠷᠢᠶᠠᠯ ᠤ᠋ᠳ ᠢ᠋ ᠡᠮᠬᠢᠳᠬᠡᠨ ᠲᠢᠭᠯᠡᠵᠦ᠂ ᠠᠯᠠᠱᠠ ᠬᠣᠱᠤᠳ ᠤ᠋ᠨ ᠲᠡᠦᠬᠡ ᠶ᠋ᠢ ᠰᠤᠳᠤᠯᠬᠤ ᠳ᠋ᠤ᠌ ᠪᠠᠲᠤ ᠪᠡᠬᠢ ᠰᠠᠭᠤᠷᠢ ᠶ᠋ᠢ ᠲᠠᠯᠪᠢᠭᠰᠠᠨ ᠪᠠᠢᠨ᠎ᠠ᠃ 《 ᠰᠣᠶᠣᠯ ᠤ᠋ᠨ ᠶᠡᠬᠡ ᠬᠤᠪᠢᠰᠬᠠᠯ 》 ᠤ᠋ᠨ ᠳᠤᠮᠳᠠ ᠬᠢᠯᠢᠰ ᠠᠮᠰᠠᠵᠤ ᠠᠵᠢᠯ ᠠᠯᠳᠠᠭᠠᠳ᠂ ᠰᠡᠭᠦᠯᠡᠷ ᠨᠢ ᠨᠠᠮ ᠵᠠᠰᠠᠭ ᠠ᠋ᠴᠠ ᠬᠢᠯᠢᠰ ᠢ᠋ ᠨᠢ ᠴᠠᠭᠠᠳᠬᠠᠵᠤ᠂ 1981 ᠣᠨ ᠳ᠋ᠤ᠌ ᠠᠯᠠᠱᠠ ᠶ᠋ᠢᠨ ᠵᠡᠭᠦᠨ ᠬᠤᠰᠢᠭᠤᠨ ᠤ᠋ ᠠᠷᠠᠳ ᠤ᠋ᠨ ᠲᠥᠯᠥᠭᠡᠯᠡᠭᠴᠢᠳ ᠦ᠋ᠨ ᠶᠡᠬᠡ ᠬᠤᠷᠠᠯ ᠤ᠋ᠨ ᠪᠠᠢᠩᠭᠤ ᠶ᠋ᠢᠨ ᠬᠣᠷᠢᠶᠠᠨ ᠤ᠋ ᠳᠡᠳ᠋ ᠡᠷᠬᠢᠯᠡᠭᠴᠢ ᠶ᠋ᠢᠨ ᠲᠤᠰᠢᠶᠠᠯ ᠳ᠋ᠤ᠌ ᠳᠡᠪᠰᠢᠭᠦᠯᠵᠡᠢ᠃ 1988 ᠣᠨ ᠳ᠋ᠤ᠌ ᠠᠵᠢᠯ ᠤ᠋ᠨ ᠠᠮᠠᠷᠠᠯᠲᠠ ᠪᠠᠨ ᠠᠪᠴᠤ᠂ 1995 ᠣᠨ ᠤ᠋11 ᠰᠠᠷ᠎ᠠ ᠳ᠋ᠤ᠌ ᠨᠠᠰᠤ ᠪᠠᠷᠠᠪᠠ᠃ 
       ᠬᠡᠦ ᠪᠠᠲᠤᠪᠠᠶᠠᠷ ᠠᠯᠠᠱᠠ ᠶ᠋ᠢᠨ ᠠᠬᠠᠮᠠᠳ ᠰᠣᠶᠣᠯ ᠤ᠋ᠨ ᠵᠢᠳᠬᠦᠯᠲᠡᠨ᠂ ᠪᠢᠴᠢᠭ ᠦ᠋ᠨ ᠮᠡᠷᠭᠡᠨ᠂ ᠠᠯᠠᠱᠠ ᠬᠣᠱᠤᠳ ᠬᠤᠰᠢᠭᠤᠨ ᠤ᠋ ᠮᠣᠩᠭᠣᠯ ᠤᠳᠬ᠎ᠠ ᠶ᠋ᠢᠨ ᠰᠤᠷᠭᠠᠭᠤᠯᠢ ᠶ᠋ᠢᠨ ᠤᠤᠭᠠᠨ ᠪᠠᠭᠰᠢ᠂ ᠠᠯᠳᠠᠷᠲᠤ ᠮᠣᠩᠭᠣᠯ ᠤᠷᠠᠨ ᠪᠢᠴᠢᠯᠭᠡᠲᠡᠨ᠂ ᠤᠷᠠᠨ ᠵᠢᠷᠤᠭᠠᠴᠢ᠂ ᠤᠷᠢᠳ ᠬᠣᠵᠢᠳ ᠠᠯᠠᠱᠠ ᠶ᠋ᠢᠨ ᠲᠡᠦᠬᠡ ᠰᠣᠶᠣᠯ᠂ ᠵᠠᠰᠠᠭ ᠲᠥᠷᠥ ᠶ᠋ᠢᠨ ᠤᠯᠠᠷᠢᠯ᠂ ᠠᠷᠠᠳ ᠤ᠋ᠨ ᠵᠠᠩ ᠦᠢᠯᠡ᠂ ᠠᠷᠠᠳ ᠤ᠋ᠨ ᠰᠣᠶᠣᠯ ᠤᠷᠠᠯᠢᠭ ᠵᠡᠷᠭᠡ ᠶ᠋ᠢ ᠪᠠᠭᠲᠠᠭᠠᠭᠰᠠᠨ ᠦᠯᠡᠮᠵᠢ ᠠᠷᠪᠢᠨ ᠨᠣᠮ ᠮᠠᠲ᠋ᠧᠷᠢᠶᠠᠯ ᠢ᠋ ᠪᠢᠴᠢᠨ ᠲᠡᠮᠳᠡᠭᠯᠡᠵᠦ᠂ ᠣᠷᠣᠨ ᠨᠤᠲᠤᠭ ᠤ᠋ᠨ ᠲᠡᠦᠬᠡ ᠰᠣᠶᠣᠯ ᠢ᠋ ᠠᠪᠤᠷᠠᠨ ᠤᠯᠠᠮᠵᠢᠯᠠᠬᠤ ᠳ᠋ᠤ᠌ ᠴᠢᠬᠤᠯᠠ ᠶᠡᠬᠡ ᠬᠤᠪᠢ ᠨᠡᠮᠡᠷᠢ ᠪᠡᠨ ᠦᠵᠡᠭᠦᠯᠦᠭᠰᠡᠨ ᠶᠦᠮ᠃ ᠡᠭᠦᠨ ᠦ᠌ ᠵᠡᠷᠭᠡᠪᠡᠷ ᠣᠷᠣᠨ ᠨᠤᠲᠤᠭ ᠤ᠋ᠨ ᠣᠨᠴᠠᠯᠢᠭ ᠲᠠᠢ ᠤᠷᠠᠨ ᠵᠢᠷᠤᠭ᠂ ᠬᠠᠳᠬᠤᠮᠠᠯ᠂ ᠱᠤᠭᠤᠮᠠᠯ᠂ ᠬᠡ ᠤᠭᠠᠯᠵᠠ᠂ ᠬᠠᠢᠴᠢᠯᠠᠮᠠᠯ᠂ ᠮᠣᠳᠣᠨ ᠰᠡᠢᠯᠦᠮᠡᠯ᠂ ᠤᠷᠠᠨ ᠪᠢᠴᠢᠯᠭᠡ᠂ ᠤᠷᠠᠯᠢᠭ ᠦᠰᠦᠭ ᠦ᠋ᠨ ᠪᠦᠲᠦᠭᠡᠯ ᠮᠠᠰᠢ ᠠᠷᠪᠢᠨ ᠪᠦᠲᠦᠭᠡᠵᠦ ᠦᠯᠡᠳᠡᠭᠡᠭᠰᠡᠨ ᠪᠢᠯᠡ᠃  

            ᠬᠡᠦ ᠪᠠᠲᠤᠪᠠᠶᠠᠷ ᠤ᠋ᠨ ᠤᠷᠠᠨ ᠪᠢᠴᠢᠯᠭᠡ