ᠬᠠᠷ᠎ᠠ ᠭᠠᠴᠤᠷ᠎ᠠхар гачуур

ᠬᠠᠷ᠎ᠠ ᠭᠠᠴᠤᠷ᠎ᠠ
ᠨᠠᠷᠠᠰᠤ ᠶ᠋ᠢᠨ ᠢᠵᠠᠭᠤᠷ
ᠮᠥᠩᠬᠡ ᠨᠣᠭᠣᠭᠠᠨ ᠲᠤᠷᠤᠭ ᠮᠣᠳᠣ᠂ 25m ᠬᠢᠷᠢ ᠥᠨᠳᠥᠷ ᠪᠣᠯᠳᠠᠭ᠂ ᠦᠨᠡᠰᠦᠨ ᠥᠩᠭᠡᠲᠦ ᠬᠣᠯᠲᠣᠰᠣ ᠲᠠᠢ᠃ ᠮᠥᠴᠢᠷ ᠨᠢ ᠨᠠᠷᠢᠨ᠂ ᠬᠥᠨᠳᠡᠯᠡᠨ ᠢ᠋ᠶ᠋ᠡᠷ ᠳᠡᠯᠭᠡᠭᠦᠦ ᠤᠷᠭᠤᠨ᠎ᠠ᠃ ᠲᠤᠰ ᠵᠢᠯ ᠦ᠋ᠨ ᠮᠥᠴᠢᠷ ᠰᠢᠷᠠᠪᠲᠤᠷ ᠪᠤᠶᠤ ᠰᠢᠷᠠᠪᠲᠤᠷ ᠬᠥᠬᠡ᠂ ᠪᠠᠷᠤᠭ ᠦᠰᠦ ᠦᠭᠡᠢ᠃ ᠡᠮᠦᠨ᠎ᠡ ᠵᠢᠯ ᠦ᠋ᠨ ᠮᠥᠴᠢᠷ ᠨᠢ ᠪᠦᠳᠡᠭᠢ ᠴᠠᠢᠪᠤᠷ ᠪᠤᠶᠤ ᠦᠨᠡᠰᠦᠨ ᠥᠩᠭᠡᠲᠡᠢ ᠪᠥᠭᠡᠳ ᠭᠢᠯᠦᠭᠡᠷ᠃ ᠰᠣᠷᠮᠤᠤᠰᠤ ᠨᠢ ᠳᠥᠷᠪᠡᠨ ᠢᠷᠮᠡᠭ ᠲᠡᠢ᠂ ᠦᠷᠦᠮ ᠬᠡᠯᠪᠡᠷᠢ ᠲᠡᠢ᠂ ᠭᠢᠯᠲᠦᠭᠡᠨᠡᠮᠡ᠂ 1—1.5cm ᠤᠷᠲᠤ᠂ ᠱᠣᠪᠬᠣ ᠦᠵᠦᠭᠦᠷ ᠲᠡᠢ᠂ ᠳᠥᠷᠪᠡᠨ ᠲᠠᠯ᠎ᠠ ᠳ᠋ᠤᠨᠢ ᠲᠤᠰ ᠪᠦᠷᠢ4—6 ᠴᠤᠪᠤᠭ᠎ᠠ ᠬᠡᠢ ᠶ᠋ᠢᠨ ᠠᠮᠠᠰᠠᠷ ᠲᠠᠢ᠂ ᠮᠥᠴᠢᠷ ᠳᠡᠭᠡᠷ᠎ᠡ ᠪᠡᠨ ᠰᠠᠴᠤᠷᠠᠭ ᠮᠠᠶᠢᠭ ᠲᠠᠢ ᠪᠤᠶᠤ ᠬᠣᠶᠠᠷ ᠮᠥᠷ ᠢ᠋ᠶ᠋ᠡᠷ ᠤᠷᠭᠤᠳᠠᠭ᠃ ᠴᠡᠴᠡᠭ ᠨᠢ ᠭᠠᠭᠴᠠ ᠪᠡᠯᠭᠡ ᠲᠡᠢ᠂ ᠨᠢᠭᠡ ᠭᠡᠷ ᠲᠡᠢ᠃ ᠪᠣᠷᠭᠣᠴᠣᠭ ᠨᠢ ᠪᠣᠷᠲᠣᠭᠣᠨ ᠬᠡᠯᠪᠡᠷᠢ ᠲᠡᠢ᠂ ᠬᠠᠵᠠᠭᠤ ᠮᠥᠴᠢᠷ ᠦ᠋ᠨ ᠣᠷᠣᠢ ᠳ᠋ᠤ᠌ ᠤᠨᠵᠢᠢᠵᠤ ᠰᠠᠭᠤᠨ᠎ᠠ᠂ 4—10cm ᠤᠷᠲᠤ᠂ ᠳ᠋ᠢᠶᠠᠮᠧᠲ᠋ᠷ ᠨᠢ2.5—4cm᠂ ᠡᠬᠢᠨ ᠳ᠋ᠡᠭᠡᠨ ᠨᠣᠭᠣᠭᠠᠨ᠂ ᠰᠡᠭᠦᠯ ᠳ᠋ᠡᠭᠡᠨ ᠰᠢᠷ᠎ᠠ ᠬᠦᠷᠡᠩ ᠪᠣᠯᠵᠤ ᠬᠤᠪᠢᠷᠠᠨ᠎ᠠ᠂ ᠪᠣᠯᠪᠠᠰᠤᠷᠠᠬᠤ ᠲᠠᠢ ᠪᠠᠨ ᠵᠡᠷᠭᠡ ᠤᠨᠠᠨ᠎ᠠ᠃ ᠦᠷ᠎ᠡ ᠶ᠋ᠢᠨ ᠬᠠᠢᠷᠰᠤ ᠨᠢ ᠪᠠᠷᠤᠭ ᠲᠣᠭᠣᠷᠢᠭ᠂ ᠪᠦᠲᠦᠨ ᠪᠤᠶᠤ ᠵᠢᠭᠠᠬᠠᠨ ᠡᠮᠬᠢ ᠦᠭᠡᠢ ᠬᠡᠷᠴᠢᠶᠡᠰᠦ ᠪᠦᠬᠦᠢ ᠬᠥᠪᠡᠭᠡ ᠲᠡᠢ᠂ 1.4—1.7cm ᠤᠷᠲᠤ᠃ ᠦᠷ᠎ᠡ ᠶ᠋ᠢᠨ ᠣᠷᠣᠢ ᠳ᠋ᠤᠨᠢ ᠲᠣᠩᠭᠣᠷᠠᠭᠤ ᠥᠨᠳᠡᠭᠡᠯᠵᠢᠨ ᠳᠠᠯᠠᠪᠴᠢ ᠲᠠᠢ ᠶᠤᠮ᠃ ᠠᠭᠤᠯᠠ ᠶ᠋ᠢᠨ ᠭᠣᠣ ᠵᠢᠯᠠᠭ᠎ᠠ ᠳ᠋ᠤ᠌ ᠶᠡᠷᠦ ᠳ᠋ᠡᠭᠡᠨ ᠴᠠᠭᠠᠨ ᠤᠯᠢᠶᠠᠰᠤ᠂ ᠬᠤᠰᠤ ᠮᠣᠳᠣ ᠲᠠᠢ ᠬᠣᠯᠢᠯᠳᠤᠨ ᠤᠷᠭᠤᠳᠠᠭ᠃
ᠮᠠᠨ ᠤ᠋ ᠤᠯᠤᠰ ᠤ᠋ᠨ ᠾᠧᠪᠧᠢ᠂ ᠱᠠᠨ ᠰᠢ᠂ ᠬᠤᠪᠧᠢ᠂ ᠰᠧᠴᠤᠸᠠᠨ᠂ ᠭᠠᠨᠰᠦ᠂ ᠬᠥᠬᠡᠨᠠᠭᠤᠷ᠂ ᠥᠪᠥᠷ ᠮᠣᠩᠭᠣᠯ ᠵᠡᠷᠭᠡ ᠮᠣᠵᠢ ᠣᠷᠣᠨ ᠳ᠋ᠤ᠌ ᠤᠷᠭᠤᠳᠠᠭ᠃
ᠮᠣᠳᠣ ᠶ᠋ᠢ ᠨᠢ ᠪᠠᠷᠢᠯᠭ᠎ᠠ ᠪᠣᠯᠤᠨ ᠪᠠᠭᠠᠵᠢ ᠬᠡᠷᠡᠭᠰᠡᠯ ᠬᠢᠬᠦ ᠳ᠋ᠦ᠍ ᠬᠡᠷᠡᠭᠯᠡᠨ᠎ᠡ᠃ ᠰᠢᠯᠮᠦᠦᠰᠦ ᠡᠴᠡ ᠨᠢ ᠳᠡᠭᠳᠡᠮᠡᠬᠡᠢ ᠲᠣᠰᠣ ᠠᠪᠴᠤ ᠪᠣᠯᠤᠨ᠎ᠠ᠃ ᠬᠣᠯᠲᠣᠰᠣ ᠨᠢ ᠡᠯᠳᠡᠭᠦᠷᠢ ᠶ᠋ᠢᠨ ᠲᠦᠭᠦᠬᠡᠢ ᠡᠳ᠋ ᠶᠦᠮ᠃
ᠬᠢᠲᠠᠳ ᠨᠡᠷ᠎ᠡ᠄青杄
ᠠᠩᠭ᠌ᠯᠢ ᠨᠡᠷ᠎ᠡ᠄ Picea wilsonii Mast.
ᠦᠰᠦᠭ ᠠᠮᠢᠯᠠᠭᠤᠯᠤᠭᠴᠢ᠄ ᠳ᠂ ᠡᠷᠬᠢᠮᠪᠠᠭᠠᠲᠤᠷ
ᠬᠢᠨᠠᠭᠴᠢ᠄ ᠴᠠᠭᠠᠨ ᠲᠤᠶᠠᠭ᠎ᠠ
