ᠪᠠᠭᠠᠷᠢᠨ ᠭᠡᠭᠦᠦ ᠶᠢᠨ ᠤᠨᠠᠭ᠎ᠠ -ᠴᠢᠮᠡᠳᠳᠣᠷᠵᠢ Бааарин гүүгийн унага-Чимэддорж
ᠪᠠᠭᠠᠷᠢᠨ ᠭᠡᠭᠦᠦ ᠶᠢᠨ ᠤᠨᠠᠭ᠎ᠠ
ᠰᠢᠯᠦᠭ᠄ ᠴᠢᠮᠡᠳᠳᠣᠷᠵᠢ
ᠤᠶᠠᠩᠭᠠᠯᠠᠭᠴᠢ᠄ ᠦᠨᠡᠨᠪᠠᠶᠠᠷ
ᠦᠷ ᠦ᠋ᠨ ᠬᠣᠩᠭᠣᠷ ᠰᠠᠯᠬᠢᠨ ᠳ᠋ᠤ᠌
ᠴᠡᠴᠡᠭ ᠦ᠋ᠨ ᠦᠨᠦᠷ ᠢ᠋ ᠠᠩᠬᠢᠯᠤᠭᠤᠯᠵᠤ
ᠦᠳᠡ ᠶ᠋ᠢᠨ ᠲᠤᠨᠤᠯᠵᠠᠭᠰᠠᠨ ᠨᠠᠷᠠᠨ ᠳ᠋ᠤ᠌
ᠰᠤᠭᠤ ᠶ᠋ᠢᠨ ᠪᠤᠯᠠᠭ ᠢ᠋ᠶ᠋ᠠᠨ ᠴᠠᠢᠯᠵᠠᠭᠤᠯᠤᠨ
ᠦᠵᠡᠬᠦ ᠬᠣᠯᠠ ᠶ᠋ᠢᠨ ᠪᠠᠷ᠎ᠠ ᠳ᠋ᠤ᠌
ᠡᠭᠦᠯᠡᠨ ᠳ᠋ᠦ᠍ ᠰᠢᠷᠭᠤᠮᠠ ᠮᠢᠷᠠᠯᠵᠠᠭᠰᠠᠨ
ᠦᠵᠡᠮᠵᠢᠲᠦ ᠳᠠᠷᠬᠠᠨ ᠲᠤᠤᠪᠠᠢ ᠶ᠋ᠢᠨ
ᠠᠷᠤ ᠶ᠋ᠢᠨ ᠲᠡᠨᠢᠭᠡᠷ ᠨᠤᠲᠤᠭ ᠪᠠᠢᠨ᠎ᠠ
ᠬᠤᠷ᠎ᠠ ᠤᠰᠤᠨ ᠳ᠋ᠠᠭᠠᠨ ᠰᠢᠮᠡᠯᠡᠭᠳᠡᠭᠰᠡᠨ
ᠨᠣᠭᠣᠭᠠᠨ ᠲᠣᠷᠭᠠᠨ ᠵᠦᠯᠭᠡᠨ ᠳ᠋ᠦ᠍
ᠬᠣᠭᠣᠯᠠᠢ ᠬᠣᠣᠰᠯᠠᠨ ᠡᠭᠡᠰᠢᠭᠯᠡᠭᠰᠡᠨ
ᠬᠥᠭᠡᠷᠦᠬᠦᠨ ᠰᠢᠪᠠᠭᠤᠨ ᠤ᠋ ᠲᠡᠪᠳᠡᠷᠢᠭᠡᠨ ᠳᠣᠣᠷ᠎ᠠ
ᠬᠣᠯᠠ ᠬᠠᠲᠠᠷᠢᠭᠠᠴᠢ ᠭᠡᠭᠦᠦ ᠶ᠋ᠢᠨ
ᠤᠤᠭᠠᠨ ᠬᠡᠪᠡᠯᠢ ᠳ᠋ᠦ᠍ ᠤᠰᠤᠲᠤᠭᠰᠠᠨ
ᠬᠤᠷᠴᠠ ᠰᠡᠷᠭᠦᠯᠡᠩ ᠵᠠᠩ ᠲᠠᠢ
ᠪᠠᠭᠠᠷᠢᠨ ᠭᠡᠭᠦᠦ ᠶ᠋ᠢᠨ ᠤᠨᠠᠭ᠎ᠠ ᠪᠠᠢᠨ᠎ᠠ
ᠬᠡᠭᠡᠷ ᠬᠠᠯᠲᠠᠷ ᠵᠢᠰᠦ ᠨᠢ
ᠨᠤᠲᠤᠭ ᠤ᠋ᠨ ᠵᠠᠩ ᠳ᠋ᠠᠭᠠᠨ ᠲᠣᠬᠢᠷᠠᠵᠤ
ᠬᠡᠭᠡᠮᠰᠦᠭ ᠭᠣᠶᠣᠬᠠᠨ ᠪᠡᠶ᠎ᠡ ᠨᠢ
ᠡᠵᠡᠨ ᠦ᠌ ᠪᠡᠨ ᠬᠠᠢᠷ᠎ᠠ ᠶ᠋ᠢ ᠲᠠᠲᠠᠵᠤ
ᠬᠡᠷᠴᠢᠮ ᠳᠥᠷᠪᠡᠨ ᠲᠤᠭᠤᠷᠠᠢ ᠨᠢ
ᠴᠢᠯᠠᠭᠤ ᠬᠢᠷᠭᠠᠮᠠ ᠭᠢᠯᠠᠯᠵᠠᠭᠠᠳ
ᠬᠡᠬᠦᠳᠡᠭ ᠥᠷᠭᠡᠨ ᠴᠡᠭᠡᠵᠢᠨ ᠳ᠋ᠡᠭᠡᠨ
ᠬᠦᠴᠦᠲᠡᠨ ᠦ᠌ ᠰᠢᠨᠵᠢ ᠶ᠋ᠢ ᠬᠠᠳᠠᠭᠠᠯᠠᠵᠠᠢ
ᠤᠨᠠᠭᠰᠠᠨ ᠭᠠᠵᠠᠷ ᠢ᠋ᠶ᠋ᠠᠨ ᠦᠵᠡᠭᠰᠡᠨ ᠦᠭᠡᠢ
ᠤᠷᠤᠭᠰᠢ ᠳᠠᠪᠬᠢᠨ ᠪᠣᠰᠤᠭᠠᠳ
ᠤᠭᠤᠷᠠᠭᠲᠤ ᠡᠬᠡ ᠶ᠋ᠢᠨ ᠢ᠋ᠶ᠋ᠡᠨ ᠬᠥᠬᠥ ᠶ᠋ᠢ
ᠤᠷᠤᠭᠤᠯ ᠵᠠᠪᠢᠯᠵᠠᠭᠤᠯᠤᠨ ᠰᠢᠮᠡᠵᠦ
ᠣᠷᠣᠭᠰᠢ ᠬᠣᠢᠰᠢ ᠠᠯᠬᠤᠭᠰᠠᠭᠠᠷ
ᠬᠥᠯ ᠦ᠋ᠨ ᠢ᠋ᠶ᠋ᠡᠨ ᠴᠢᠯᠡᠭᠡ ᠶ᠋ᠢ ᠭᠠᠷᠭᠠᠵᠤ
ᠤᠴᠢᠷ ᠢ᠋ ᠶᠡᠬᠡ ᠯᠡ ᠮᠡᠳᠡᠭᠰᠡᠨ ᠶᠦᠮ ᠰᠢᠭ
ᠣᠮᠣᠭᠲᠠᠢᠬᠠᠨ ᠵᠣᠭᠰᠣᠨ᠎ᠠ
ᠡᠬᠡ ᠶ᠋ᠢᠨ ᠢ᠋ᠶ᠋ᠡᠨ ᠡᠷᠡᠦ ᠶ᠋ᠢ ᠱᠦᠷᠭᠦᠭᠡᠵᠦ
ᠡᠩᠭᠦᠷᠡᠢᠭᠦᠯᠦᠨ ᠵᠣᠭᠰᠣᠬᠤ ᠳ᠋ᠠᠭᠠᠨ
ᠡᠪᠡᠰᠦ ᠶ᠋ᠢ ᠠᠩᠬ᠎ᠠ ᠠᠮᠲᠠᠯᠠᠶᠠ ᠭᠡᠬᠦ ᠳ᠋ᠦ᠍
ᠡᠷᠡᠦ ᠨᠢ ᠬᠦᠷᠬᠦ ᠦᠭᠡᠢ ᠳᠤᠲᠠᠭᠳᠠᠵᠤ
ᠡᠮᠦᠨ᠎ᠡ ᠬᠠ ᠪᠠᠨ ᠨᠤᠭᠤᠰᠬᠢᠵᠦ
ᠡᠮᠬᠦᠭᠡᠳ ᠠᠪᠬᠤ ᠶ᠋ᠢ ᠭᠣᠷᠢᠯᠠᠬᠤ ᠳ᠋ᠠᠭᠠᠨ
ᠡᠪᠡᠰᠦᠨ ᠰᠤᠷ ᠲᠤ ᠵᠣᠯᠭᠠᠭᠠᠳ
ᠡᠩ ᠦᠭᠡᠢ ᠪᠠᠶᠠᠷᠯᠠᠭᠰᠠᠨ ᠰᠢᠭ᠋ ᠰᠡᠩᠳᠡᠯᠵᠡᠨᠡ
ᠣᠯᠠᠨ ᠰᠦᠷᠦᠭ ᠲᠤ ᠪᠡᠨ ᠣᠷᠣᠭᠠᠳ
ᠲᠣᠭᠯᠠᠵᠤ ᠨᠠᠭᠠᠳᠬᠤ ᠪᠠᠷ ᠠᠯᠬᠤᠯᠠᠵᠤ
ᠤᠭᠤᠷᠠᠭᠲᠤ ᠡᠬᠡ ᠳ᠋ᠡᠭᠡᠨ ᠬᠣᠷᠭᠣᠳᠠᠭᠰᠠᠭᠠᠷ
ᠦᠦᠷᠰᠡᠵᠦ ᠲᠤᠢᠯᠠᠭᠠᠳ ᠥᠭᠴᠢᠬᠡᠳᠡᠭ
ᠤᠯᠠᠭᠠᠨ ᠨᠠᠷᠠᠨ ᠤ᠋ ᠢᠯᠴᠢᠨ ᠳ᠋ᠦ᠍
ᠨᠢᠪᠰᠢᠷᠡᠵᠦ ᠦᠷᠭᠡᠯᠡᠨ ᠪᠠᠢᠭᠰᠠᠭᠠᠷ
ᠣᠯᠪᠣᠭ ᠪᠣᠯᠤᠭᠰᠠᠨ ᠵᠦᠯᠭᠡᠨ ᠳᠡᠭᠡᠷ᠎ᠡ ᠪᠡᠨ
ᠬᠠᠮᠠᠷ ᠲᠠᠲᠠᠭᠠᠳ ᠤᠨᠲᠠᠳᠠᠭ
ᠰᠥᠳᠥ ᠭᠡᠭᠦᠦ ᠶ᠋ᠢᠨ ᠤᠨᠠᠭ᠎ᠠ ᠶᠤᠮ
ᠪᠣᠢᠵᠢᠬᠤ ᠶ᠋ᠢᠨ ᠲᠦᠷᠭᠡᠨ ᠨᠢ ᠶᠠᠷᠢᠶᠠᠨ ᠦᠭᠡᠢ
ᠰᠦᠷᠦᠭ ᠦ᠋ᠨ ᠳᠣᠲᠣᠷ᠎ᠠ ᠪᠠᠨ ᠣᠳᠣ ᠲᠠᠢ ᠪᠠᠢᠵᠤ
ᠲᠣᠭᠯᠠᠬᠤ ᠶ᠋ᠢᠨ ᠬᠤᠷᠴᠠ ᠨᠢ ᠭᠠᠢᠬᠠᠯᠲᠠᠢ
ᠰᠦᠷᠲᠦ ᠪᠦᠷᠭᠦᠳ ᠬᠠᠯᠢᠨ ᠱᠤᠩᠭᠤᠬᠤ ᠳ᠋ᠤ᠌
ᠳᠠᠭᠠᠭᠠᠳ ᠨᠢᠰᠬᠦ ᠶ᠋ᠢ ᠰᠠᠨᠠᠭᠠᠷᠬᠠᠵᠤ
ᠰᠦᠷᠬᠢᠷᠡᠵᠦ ᠴᠣᠪᠬᠣᠴᠢᠨ ᠦᠰᠦᠷᠦᠭᠡᠳ
ᠰᠡᠭᠦᠳᠡᠷ ᠢ᠋ ᠨᠢ ᠳᠠᠭᠠᠭᠠᠳ ᠭᠦᠶᠦᠳᠡᠭ
ᠣᠭᠣᠨᠣ ᠵᠡᠭᠡᠷ᠎ᠡ ᠶ᠋ᠢᠨ ᠭᠦᠶᠦᠳᠡᠯ ᠢ᠋ᠶ᠋ᠡᠷ
ᠬᠠᠯᠢᠵᠤ ᠲᠣᠭᠯᠠᠨ ᠳᠠᠭᠠᠭᠠᠬᠤ ᠳ᠋ᠠᠭᠠᠨ
ᠤᠨᠠᠭᠠᠨ ᠣᠬᠣᠷ ᠰᠡᠭᠦᠯ ᠢ᠋ᠶ᠋ᠡᠨ ᠬᠦᠪᠢᠭᠦᠷᠯᠡᠨ
ᠳᠡᠭᠡᠭᠰᠢ ᠰᠠᠭᠰᠠᠢᠯᠭᠠᠵᠤ
ᠤᠯᠠᠭᠠᠨ ᠴᠣᠬᠣᠷ ᠪᠤᠭᠤ
ᠠᠭᠤᠯᠠᠨ ᠪᠠᠷᠲᠠᠭ᠎ᠠ ᠳ᠋ᠤ᠌ ᠬᠠᠷᠠᠢᠯᠠᠬᠤ ᠰᠢᠭ᠋
ᠤᠬᠤᠷᠢᠵᠤ ᠰᠠᠭᠤᠨ ᠬᠠᠮᠠᠷ ᠲᠠᠲᠠᠵᠤ
ᠬᠠᠯᠢᠰᠬᠠᠨ ᠪᠤᠴᠠᠭᠠᠳ ᠢᠷᠡᠳᠡᠭ
ᠰᠠᠷᠠᠭᠤᠯ ᠠᠭᠤᠳᠠᠮ ᠪᠡᠯᠴᠢᠭᠡᠷ ᠲᠡᠭᠡᠨ
ᠰᠠᠨᠠᠭ᠎ᠠ ᠪᠠᠷ ᠢ᠋ᠶ᠋ᠠᠨ ᠲᠣᠭᠯᠠᠭᠰᠠᠭᠠᠷ
ᠰᠠᠷᠠᠨ ᠲᠤᠶᠠᠭ᠎ᠠ ᠨᠠᠷᠠᠨ ᠭᠢᠯᠪᠠᠭ᠎ᠠ
ᠣᠨ ᠡᠷᠭᠢᠯᠲᠡ ᠶ᠋ᠢ ᠥᠩᠭᠡᠷᠡᠭᠡᠭᠡᠳ
ᠰᠠᠷᠪᠠᠭ᠎ᠠ ᠳᠠᠭ᠎ᠠ ᠳ᠋ᠠᠭᠠᠨ ᠲᠤᠯᠵᠤ
ᠪᠣᠢᠵᠢᠭᠰᠠᠨ ᠢ᠋ᠶ᠋ᠠᠨ ᠣᠳᠣ ᠮᠡᠳᠡᠭᠰᠡᠨ ᠰᠢᠭ
ᠰᠠᠯᠤᠯ ᠦᠭᠡᠢ ᠰᠦᠷᠦᠭ ᠢ᠋ᠶ᠋ᠡᠨ ᠳᠠᠭᠠᠵᠤ
ᠬᠢᠴᠢᠶᠡᠵᠦ ᠶᠠᠪᠤᠳᠠᠭ ᠪᠣᠯᠪᠠ
ᠦᠰᠦᠭ ᠠᠮᠢᠯᠠᠭᠤᠯᠤᠭᠴᠢ᠄ ᠸᠠᠩ ᠴᠡᠩᠭᠡᠯ
ᠦᠰᠦᠭ ᠬᠠᠲᠠᠭᠴᠢ᠄ ᠸᠠᠩ ᠴᠡᠩᠭᠡᠯ
ᠬᠢᠨᠠᠭᠴᠢ᠄ ᠳᠤᠯᠠᠭᠠᠨ ᠠᠯᠲᠠᠨᠴᠢᠮᠡᠭ ᠭᠡᠷᠡᠯᠴᠢᠮᠡᠭ
