ᠾᠦᠩᠨᠦ ᠶ᠋ᠢᠨ ᠭᠤᠨᠢᠭᠲᠤ ᠳᠠᠭᠤᠤХүннүүгийн гунигт дуу
ᠾᠦᠩᠨᠦ ᠶ᠋ᠢᠨ ᠭᠤᠨᠢᠭᠲᠤ ᠳᠠᠭᠤᠤ
ᠴᠠᠭᠠᠨ② ᠠᠭᠤᠯᠠ ᠪᠠᠨ ᠠᠯᠳᠠᠭᠠᠳ
ᠵᠢᠷᠭᠤᠭᠠᠨ ᠬᠣᠰᠢᠭᠤ ᠮᠠᠯ ᠮᠢᠨᠢ ᠥᠰᠬᠦ ᠪᠡᠨ ᠪᠣᠯᠢᠯ᠎ᠠ
ᠶᠠᠭᠠᠨ③ ᠠᠭᠤᠯᠠ ᠪᠠᠨ ᠠᠯᠳᠠᠭᠠᠳ
ᠠᠪᠠᠬᠠᠢ ᠬᠡᠦᠬᠡᠨ ᠨᠦ᠍ᠭᠦᠳ ᠮᠢᠨᠢ ᠡᠩᠰᠡᠭᠡ ᠦᠭᠡᠢ ᠪᠣᠯᠤᠯ᠎ᠠ᠁
ᠨᠡᠢᠲᠡ ᠶ᠋ᠢᠨ ᠣᠨ ᠲᠣᠭᠠᠯᠠᠯ ᠤ᠋ᠨ ᠡᠮᠦᠨᠡᠬᠢ4 ᠳ᠋ᠦ᠍ᠭᠡᠷ ᠵᠠᠭᠤᠨ—121 ᠣᠨ
ᠾᠦᠩᠨᠦ ᠪᠣᠯ ᠨᠡᠢᠲᠡ ᠶ᠋ᠢᠨ ᠣᠨ ᠲᠣᠭᠠᠯᠠᠯ ᠤ᠋ᠨ ᠡᠮᠦᠨᠡᠬᠢ ᠳᠥᠷᠪᠡᠳᠦᠭᠡᠷ ᠵᠠᠭᠤᠨ ᠠ᠋ᠴᠠ ᠨᠡᠢᠲᠡ ᠶ᠋ᠢᠨ ᠣᠨ ᠲᠣᠭᠠᠯᠠᠯ ᠤ᠋ᠨ ᠬᠣᠶᠠᠳᠤᠭᠠᠷ ᠵᠠᠭᠤᠨ ᠤ᠋ ᠬᠣᠭᠣᠷᠣᠨᠳᠣ ᠣᠷᠣᠰᠢᠨ ᠲᠣᠭᠲᠠᠨᠢᠵᠤ ᠪᠠᠢᠭᠰᠠᠨ᠂ ᠲᠠᠯ᠎ᠠ ᠶ᠋ᠢᠨ ᠨᠡᠭᠦᠳᠡᠯᠴᠢᠳ ᠦ᠋ᠨ ᠠᠩᠬᠠᠨ ᠤ᠋ ᠲᠣᠮᠣᠬᠠᠨ ᠲᠥᠷᠥ ᠤᠯᠤᠰ ᠶᠤᠮ᠃ ᠶᠡᠬᠡ ᠬᠠᠭᠠᠨ ᠮᠣᠳᠣᠨ ᠴᠠᠨ ᠢᠦᠢ ᠶ᠋ᠢᠨ ᠦᠶ᠎ᠡ ᠳ᠋ᠦ᠍ ᠨᠡᠩ ᠬᠦᠴᠦᠷᠬᠡᠭᠵᠢᠭᠰᠡᠨ᠃ ᠴᠣᠬᠣᠮ ᠳ᠋ᠠᠭᠠᠨ ᠾᠦᠩᠨᠦᠴᠤᠳ ᠤ᠋ᠨ ᠳᠣᠪᠲᠣᠯᠭᠠᠨ ᠠ᠋ᠴᠠ ᠯᠠ ᠰᠡᠷᠭᠡᠢᠯᠡᠵᠦ ᠬᠢᠲᠠᠳ ᠤ᠋ᠳ ᠲᠦᠮᠡᠨ ᠭᠠᠵᠠᠷ ᠤ᠋ᠨ ᠤᠷᠲᠤ ᠴᠠᠭᠠᠨ ᠬᠡᠷᠡᠮ ᠢ᠋ ᠪᠠᠷᠢᠬᠤ ᠳ᠋ᠤ᠌ ᠬᠦᠷᠦᠭᠰᠡᠨ ᠶᠦᠮ᠃ ᠬᠣᠵᠢᠮ ᠨᠢ ᠾᠦᠩᠨᠦ ᠵᠠᠳᠠᠷᠠᠵᠤ ᠤᠮᠠᠷᠠᠲᠤ ᠬᠡᠰᠡᠭ ᠦ᠋ᠨ ᠵᠠᠷᠢᠮ ᠠᠢᠮᠠᠭ ᠨᠢ ᠧᠦ᠋ᠷᠣᠫᠠ ᠲᠡᠢᠰᠢ ᠨᠡᠭᠦᠳᠡᠯᠯᠡᠨ ᠠᠲ᠋ᠲ᠋ᠢᠯᠡ ᠬᠠᠭᠠᠨ ᠤ᠋ ᠦᠶ᠎ᠡ ᠳ᠋ᠦ᠍ ᠷᠤᠮᠠ ᠶ᠋ᠢᠨ ᠮᠣᠩᠭᠣᠯᠴᠤᠳ ᠤ᠋ᠨ ᠰᠣᠶᠣᠯ ᠤ᠋ᠨ ᠥᠪ ᠪᠣᠯᠵᠤ ᠤᠯᠠᠮᠵᠢᠯᠠᠭᠳᠠᠨ ᠦᠯᠡᠳᠡᠵᠡᠢ᠃
② ᠴᠠᠭᠠᠨ( ᠴᠢᠯᠢᠶᠡᠨ) ᠠᠭᠤᠯᠠ ᠨᠢ ᠡᠳᠦᠭᠡ ᠶ᠋ᠢᠨ ᠲᠩᠷᠢ ᠠᠭᠤᠯᠠ( ᠲᠠᠢᠱᠠᠨ) ᠪᠥᠭᠡᠳ ᠵᠢᠷᠭᠤᠭᠠᠳᠠᠬᠢ ᠬᠣᠰᠢᠭᠤ ᠮᠠᠯ ᠭᠡᠵᠦ ᠰᠠᠷᠯᠤᠭ ᠢ᠋ ᠬᠡᠯᠡᠵᠦ ᠪᠠᠢᠨ᠎ᠠ᠃
③ ᠶᠠᠭᠠᠨ( ᠶᠠᠩ ᠽᠢ) ᠠᠭᠤᠯᠠ ᠬᠡᠮᠡᠭᠴᠢ ᠳ᠋ᠦ᠍ᠨᠢ ᠡᠩᠭᠡᠰᠬᠡ ᠭᠡᠳᠡᠭ ᠭᠦᠷᠭᠦᠮ ᠤᠷᠭᠤᠳᠠᠭ ᠪᠠᠢᠭᠰᠠᠨ ᠠᠵᠢ᠃
ᠦᠰᠦᠭ ᠠᠮᠢᠯᠠᠭᠤᠯᠤᠭᠴᠢ᠄ ᠪᠠᠶᠠᠨᠰᠡᠷᠡᠩ
ᠬᠢᠨᠠᠭᠴᠢ ᠄ ᠣᠳᠬᠠᠨᠰᠣ᠎ᠠ
