ᠮᠢᠨᠦ ᠰᠠᠢᠬᠠᠨ ᠬᠥᠭᠡᠪᠦᠷ ᠨᠤᠲᠤᠭ- ᠮᠠᠰᠢᠮᠡᠳᠡᠭᠴᠢМиний сайхан хөөвөр нутаг-Машмэдэгч ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠢᠨᠦ ᠰᠠᠢᠬᠠᠨ ᠬᠥᠭᠡᠪᠦᠷ ᠨᠤᠲᠤᠭ- ᠮᠠᠰᠢᠮᠡᠳᠡᠭᠴᠢМиний сайхан хөөвөр нутаг-Машмэдэгч

ᠮᠢᠨᠦ ᠰᠠᠢᠬᠠᠨ ᠬᠥᠭᠡᠪᠦᠷ ᠨᠤᠲᠤᠭ- ᠮᠠᠰᠢᠮᠡᠳᠡᠭᠴᠢМиний сайхан хөөвөр нутаг-Машмэдэгч

ᠠᠩᠭᠢᠯᠠᠯ:ᠳᠠᠭᠤᠤ ᠬᠥᠭᠵᠢᠮ
2024-03-20

1071

ᠮᠢᠨᠦ ᠰᠠᠢᠬᠠᠨ ᠬᠥᠭᠡᠪᠦᠷ ᠨᠤᠲᠤᠭ

   ᠦᠭᠡ : ᠪᠠᠳᠣᠸᠴᠢᠷ  
   ᠠᠶ᠎ᠠ᠄ ᠴᠠᠭᠠᠨᠬᠦᠦ  
   MD ᠬᠥᠭᠵᠢᠮ᠄ ᠮᠦᠩᠭᠦᠨᠱᠠ  
   ᠮᠠᠰᠢᠮᠡᠳᠡᠭᠴᠢ ᠳᠠᠭᠤᠯᠠᠨ᠎ᠠ 
ᠬᠥᠬᠡ ᠥᠨᠳᠥᠷ ᠪᠤᠯᠠᠭ ᠤ᠋ᠨ ᠴᠠᠢᠳᠠᠮ  
ᠬᠥᠬᠡᠷᠡᠨ ᠬᠠᠷᠠᠭᠳᠠᠬᠤ ᠵᠡᠷᠭᠡᠯᠭᠡᠨ ᠲᠡᠢ 
ᠬᠥᠬᠡ ᠪᠦᠷᠢᠳᠦ ᠳᠡᠨᠵᠢ ᠮᠠᠩᠬ᠎ᠠ 
ᠬᠥᠬᠥᠭᠡ ᠳᠣᠩᠭᠣᠳᠤᠭᠰᠠᠨ ᠪᠤᠶᠠᠨᠲᠤ ᠨᠤᠲᠤᠭ 
ᠬᠥᠪᠥᠩ ᠦ᠋ᠨ ᠬᠥᠳᠡᠭᠡ ᠬᠠᠲᠤᠨ ᠴᠠᠢᠳᠠᠮ 
ᠬᠦᠬᠦᠷ ᠭᠢᠯᠭᠠᠨ᠎ᠠ ᠬᠠᠯᠢᠭᠤᠷᠠᠭᠰᠠᠨ ᠨᠤᠲᠤᠭ 
ᠬᠥᠮᠦᠨ ᠠᠷᠠᠳ ᠢ᠋ᠶ᠋ᠠᠨ ᠰᠠᠬᠢᠨ ᠪᠠᠷᠠᠯᠠᠭᠰᠠᠨ 
ᠬᠦᠰᠡᠯ ᠳᠠᠯᠠᠯᠤᠭᠰᠠᠨ ᠬᠥᠭᠡᠪᠦᠷ ᠦ᠋ᠨ ᠣᠪᠣᠭ᠎ᠠ 
ᠠᠪᠤ ᠳᠡᠭᠡᠳᠦ ᠶ᠋ᠢᠨ ᠪᠤᠶᠠᠨ ᠵᠠᠶᠠᠭᠠᠭᠰᠠᠨ 
ᠠᠷᠢᠭᠤᠨ ᠳᠠᠭᠰᠢᠨ ᠬᠥᠬᠡᠪᠦᠷ ᠨᠤᠲᠤᠭ
ᠠᠳᠤᠭᠤ ᠮᠠᠯ ᠤ᠋ᠨ ᠬᠡᠰᠢᠭ ᠬᠤᠷᠤᠢᠯᠠᠭᠰᠠᠨ
ᠠᠮᠤᠭᠤᠯᠠᠩ ᠵᠢᠷᠭᠠᠯᠲᠤ ᠬᠥᠬᠡᠪᠦᠷ ᠨᠤᠲᠤᠭ
ᠳᠠᠯᠠᠩ ᠤᠯᠠᠭᠠᠨ ᠵᠠᠷᠠᠭ ᠤ᠋ᠨ ᠵᠠᠳᠠᠭᠠᠢ
ᠳᠠᠭᠠᠨ᠎ᠠ ᠮᠠᠩᠭᠢᠷ ᠲᠠᠢ ᠰᠠᠢᠬᠠᠨ ᠨᠤᠲᠤᠭ
ᠲᠠᠤᠯᠠᠢ ᠶ᠋ᠢᠨ ᠮᠠᠩᠬ᠎ᠠ ᠥᠨᠳᠥᠷ ᠡᠷᠭᠢ
ᠲᠡᠦᠬᠡ ᠰᠣᠶᠣᠯ ᠤ᠋ᠨ ᠠᠷᠢᠭᠤᠨ ᠭᠣᠯᠣᠮᠲᠠ
ᠬᠠᠯᠵᠠᠨ ᠣᠷᠣᠢ ᠵᠠᠭ᠎ᠠ ᠮᠠᠩᠬ᠎ᠠ
ᠬᠠᠷᠠᠭ᠎ᠠ ᠪᠤᠯᠢᠶᠠᠭᠰᠠᠨ ᠳᠠᠷᠬᠠᠨ ᠨᠤᠲᠤᠭ
ᠬᠠᠷ᠎ᠠ ᠣᠷᠣᠢ ᠬᠤᠯᠤᠰᠤᠨ ᠴᠠᠢᠳᠠᠮ
ᠬᠠᠢᠷ᠎ᠠ ᠶ᠋ᠢ ᠲᠠᠲᠠᠭᠰᠠᠨ ᠰᠠᠭᠤᠯᠲᠠᠢ ᠨᠤᠲᠤᠭ
ᠠᠪᠤ ᠳᠡᠭᠡᠳᠦ ᠶ᠋ᠢᠨ ᠪᠤᠶᠠᠨ ᠵᠠᠶᠠᠭᠠᠭᠰᠠᠨ
ᠠᠷᠢᠭᠤᠨ ᠲᠠᠭᠰᠢᠨ ᠬᠥᠬᠡᠪᠦᠷ ᠨᠤᠲᠤᠭ
ᠠᠳᠤᠭᠤ ᠮᠠᠯ ᠤ᠋ᠨ ᠬᠡᠰᠢᠭ ᠬᠤᠷᠤᠢᠯᠠᠭᠰᠠᠨ
ᠠᠮᠤᠭᠤᠯᠠᠩ ᠵᠢᠷᠭᠠᠯᠲᠤ ᠬᠥᠭᠡᠪᠦᠷ ᠨᠤᠲᠤᠭ

   ᠦᠰᠦᠭ ᠠᠮᠢᠯᠠᠭᠤᠯᠤᠭᠴᠢ ᠪᠠᠳᠠᠷᠠᠯᠲᠤ
   ᠦᠰᠦᠭ ᠬᠠᠲᠠᠵᠤ᠂ ᠬᠢᠨᠠᠭᠰᠠᠨ ᠨᠢ᠄ ᠬᠠᠷᠬᠠᠲᠠᠨ ᠷ· ᠴᠢᠷᠮᠠᠢᠯᠲᠤ