ᠠᠷᠪᠠᠨ ᠬᠣᠶᠠᠷ ᠵᠢᠯ ᠦᠨ ᠮᠠᠭᠲᠠᠭᠠᠯ Арван хоёр жилийн магтаал
ᠠᠷᠪᠠᠨ ᠬᠣᠶᠠᠷ ᠵᠢᠯ ᠦᠨ ᠮᠠᠭᠲᠠᠭᠠᠯ
ᠡᠷᠳᠡᠨᠢ ᠶ᠋ᠢᠨ ᠵᠦᠢᠯ ᠢ᠋ᠶ᠋ᠡᠷ ᠪᠥᠭᠡᠯᠵᠢᠭᠡᠳ ᠪᠠᠢᠳᠠᠭ
ᠡᠷᠡᠦ ᠴᠠᠭᠠᠨ ᠬᠤᠯᠤᠭᠠᠨ᠎ᠠ ᠨᠢᠭᠡᠨ ᠵᠢᠯ
ᠡᠪᠡᠷ ᠰᠡᠭᠦᠯ ᠨᠢ ᠲᠡᠩᠴᠡᠭᠦᠬᠡᠨ ᠪᠠᠢᠳᠠᠭ
ᠡᠵᠡᠨ ᠳ᠋ᠦ᠍ ᠪᠡᠨ ᠡᠭᠡᠯᠢᠲᠡᠢ ᠦᠬᠡᠷ ᠬᠣᠶᠠᠷ ᠵᠢᠯ
ᠠᠷᠤ ᠶ᠋ᠢᠨ ᠮᠣᠳᠣᠨ ᠳ᠋ᠤ᠌ ᠠᠯᠠᠭᠯᠠᠭᠠᠳ ᠪᠠᠢᠳᠠᠭ
ᠠᠯᠠᠭ ᠡᠷᠢᠶᠡᠨ ᠪᠠᠷᠰ ᠭᠤᠷᠪᠠᠨ ᠵᠢᠯ
ᠳᠡᠯᠡᠬᠡᠢ ᠳᠡᠭᠡᠭᠦᠷ ᠳᠡᠭᠳᠡᠭᠡᠳ ᠪᠠᠢᠳᠠᠭ
ᠳᠡᠯᠳᠡᠩ ᠴᠢᠬᠢ ᠲᠡᠢ ᠲᠠᠤᠯᠠᠢ ᠳᠥᠷᠪᠡᠨ ᠵᠢᠯ
ᠬᠥᠬᠡ ᠲᠩᠷᠢ ᠳ᠋ᠦ᠍ ᠬᠦᠷᠴᠢᠭᠢᠨᠡᠭᠡᠳ ᠪᠠᠢᠳᠠᠭ
ᠬᠦᠴᠦ ᠶᠡᠬᠡᠲᠡᠢ ᠯᠤᠤ ᠲᠠᠪᠤᠨ ᠵᠢᠯ
ᠴᠠᠭ ᠦᠷᠭᠦᠯᠵᠢ ᠴᠠᠭᠠᠷᠢᠭᠯᠠᠭᠠᠳ ᠪᠠᠢᠳᠠᠭ
ᠴᠠᠭᠠᠨ ᠡᠷᠢᠶᠡᠨ ᠮᠣᠭᠠᠢ ᠵᠢᠷᠭᠤᠭᠠᠨ ᠵᠢᠯ
ᠪᠠᠷᠤᠭ ᠤ᠋ᠨ ᠭᠠᠵᠠᠷ ᠢ᠋ ᠲᠣᠪᠴᠢᠯᠠᠭᠠᠳ ᠪᠠᠢᠳᠠᠭ
ᠴᠣᠮᠪᠣᠩ ᠲᠤᠭᠤᠷᠠᠢ ᠲᠠᠢ ᠮᠣᠷᠢ ᠳᠣᠯᠣᠭᠠᠨ ᠵᠢᠯ
ᠬᠣᠲᠣᠭᠣᠷ ᠭᠠᠵᠠᠷ ᠢ᠋ ᠬᠣᠷᠭᠣᠯ ᠢ᠋ᠶ᠋ᠠᠷ ᠳᠦᠭᠦᠷᠭᠡᠳᠡᠭ
ᠬᠣᠲᠠᠨ ᠳ᠋ᠤ᠌ ᠪᠠᠨ ᠡᠭᠡᠯᠢᠲᠡᠢ ᠬᠣᠨᠢ ᠨᠠᠢ᠍ᠮᠠᠨ ᠵᠢᠯ
ᠦᠵᠡᠭᠰᠡᠨ ᠪᠦᠬᠦᠨ ᠢ᠋ ᠡᠯᠡᠭᠯᠡᠭᠡᠳ ᠪᠠᠢᠳᠠᠭ
ᠶᠢᠯᠸᠢᠴᠢᠨ ᠡᠷᠳᠡᠮ ᠲᠡᠢ ᠪᠠᠴᠢ ᠶᠢᠰᠦᠨ ᠵᠢᠯ
ᠲᠠᠪᠤᠨ ᠵᠢᠩ ᠢ᠋ᠶ᠋ᠡᠷ ᠳᠣᠩᠭᠣᠳᠤᠭᠠᠳ ᠪᠠᠢᠳᠠᠭ
ᠲᠠᠷᠢᠬᠢᠨ ᠳ᠋ᠤ᠌ ᠪᠠᠨ ᠤᠯᠠᠭᠠᠨ ᠲᠠᠢ ᠲᠠᠬᠢᠶ᠎ᠠ ᠠᠷᠪᠠᠨ ᠵᠢᠯ
ᠬᠣᠲᠠ ᠭᠠᠵᠠᠷ ᠢ᠋ ᠮᠠᠨᠠᠭᠠᠳ ᠪᠠᠢᠳᠠᠭ
ᠬᠣᠩ ᠬᠣᠩ ᠳᠠᠭᠤ ᠲᠠᠢ ᠨᠣᠬᠠᠢ ᠠᠷᠪᠠᠨ ᠨᠢᠭᠡᠨ ᠵᠢᠯ
ᠠᠷᠤ ᠶ᠋ᠢᠨ ᠭᠠᠵᠠᠷ ᠢ᠋ ᠬᠠᠳᠤᠷᠤᠭᠠᠳ ᠪᠠᠢᠳᠠᠭ
ᠠᠯᠲᠠᠨ ᠰᠣᠶᠣᠭ᠎ᠠ ᠲᠠᠢ ᠭᠠᠬᠠᠢ ᠠᠷᠪᠠᠨ ᠬᠣᠶᠠᠷ ᠵᠢᠯ
ᠦᠰᠦᠭ ᠠᠮᠢᠯᠠᠭᠤᠯᠤᠭᠴᠢ᠄ ᠭᠡᠭᠡᠷᠡᠯ
ᠦᠰᠦᠭ ᠬᠠᠲᠠᠭᠴᠢ᠄ ᠭᠡᠭᠡᠷᠡᠯ
ᠬᠢᠨᠠᠭᠴᠢ᠄ ᠪᠠᠶᠠᠷᠴᠡᠴᠡᠭ
