ᠮᠣᠩᠭᠣᠯ ᠭᠠᠴᠤᠷ᠎ᠠМонгол гачуур

ᠨᠠᠷᠠᠰᠤ ᠶ᠋ᠢᠨ ᠢᠵᠠᠭᠤᠷ
ᠬᠠᠭᠤᠷᠠᠢᠰᠠᠭ ᠲᠤᠷᠤᠭ ᠮᠣᠳᠣ᠂ 30m ᠥᠨᠳᠥᠷ᠂ ᠳ᠋ᠢᠶᠠᠮᠧᠲ᠋ᠷ ᠨᠢ60cm᠃ ᠮᠣᠳᠣᠨ ᠤ᠋ ᠬᠠᠯᠢᠰᠤ ᠨᠢ ᠬᠠᠢᠷᠰᠤᠯᠢᠭ ᠬᠡᠯᠪᠡᠷᠢ ᠲᠡᠢ᠂ ᠨᠢᠭᠡ ᠨᠠᠰᠤᠲᠤ ᠮᠥᠴᠢᠷ ᠨᠢ ᠭᠦᠢᠬᠡᠨ ᠰᠢᠷᠠᠩᠭᠤᠢ ᠪᠤᠶᠤ ᠰᠢᠷ᠎ᠠ ᠥᠩᠭᠡ ᠲᠡᠢ᠂ ᠨᠢᠭ ᠦᠰᠦ ᠲᠡᠢ᠂ ᠬᠣᠶᠠᠷ ᠭᠤᠷᠪᠠᠨ ᠵᠢᠯ ᠪᠣᠯᠤᠭᠰᠠᠨ ᠮᠥᠴᠢᠷ ᠨᠢ ᠭᠦᠢᠬᠡᠨ ᠰᠢᠷᠠᠩᠭᠤᠢ ᠪᠤᠶᠤ ᠴᠠᠢᠪᠤᠷ ᠰᠢᠷ᠎ᠠ ᠥᠩᠭᠡ ᠲᠡᠢ᠂ ᠡᠪᠦᠯ ᠦ᠋ᠨ ᠨᠠᠬᠢᠶ᠎ᠠ ᠨᠢ ᠭᠦᠢᠬᠡᠨ ᠤᠯᠠᠪᠤᠷ ᠬᠦᠷᠡᠩ ᠥᠩᠭᠡ ᠲᠡᠢ᠃ ᠨᠠᠪᠴᠢ ᠨᠢ ᠴᠠᠢᠪᠤᠷ ᠨᠣᠭᠣᠭᠠᠨ᠃ ᠪᠣᠷᠭᠣᠴᠠᠢ ᠨᠢ ᠪᠣᠯᠪᠠᠰᠤᠷᠠᠬᠤ ᠠ᠋ᠴᠠ ᠪᠠᠨ ᠡᠮᠦᠨ᠎ᠡ ᠪᠣᠷᠣᠪᠲᠤᠷ ᠥᠩᠭᠡ ᠲᠡᠢ᠂ ᠪᠣᠯᠪᠠᠰᠤᠷᠠᠭᠰᠠᠨ ᠤ᠋ ᠬᠣᠢᠨ᠎ᠠ ᠬᠦᠷᠡᠩ ᠥᠩᠭᠡ ᠲᠡᠢ ᠪᠣᠯᠳᠠᠭ᠃ ᠦᠷ᠎ᠡ ᠨᠢ ᠲᠣᠩᠭᠣᠷᠠᠭᠤ ᠥᠨᠳᠡᠭᠡᠯᠵᠢᠨ ᠬᠡᠯᠪᠡᠷᠢ ᠲᠡᠢ᠂ ᠬᠠᠷᠠᠪᠲᠤᠷ ᠪᠣᠷᠣ ᠤᠯᠠᠭᠠᠨ ᠥᠩᠭᠡ ᠲᠡᠢ᠃
ᠳᠠᠯᠠᠢ ᠶ᠋ᠢᠨ ᠲᠦᠪᠰᠢᠨ ᠡᠴᠡ 1000m ᠥᠨᠳᠥᠷ ᠡᠯᠡᠰᠦᠷᠬᠡᠭ ᠭᠠᠵᠠᠷ ᠢ᠋ᠶ᠋ᠠᠷ ᠴᠣᠯ ᠣᠢ ᠪᠣᠯᠵᠤ ᠤᠷᠭᠤᠨ᠎ᠠ᠂ ᠬᠠᠶᠠ ᠪᠠᠰᠠ ᠬᠤᠰᠤ ᠮᠣᠳᠣ ᠲᠠᠢ ᠬᠣᠯᠢᠯᠳᠤᠨ ᠤᠷᠭᠤᠨ᠎ᠠ᠃
ᠮᠣᠩᠭᠣᠯ ᠭᠠᠴᠤᠷ᠎ᠠ ᠪᠣᠯ ᠬᠣᠪᠣᠷ ᠴᠤᠬᠠᠭ ᠮᠣᠳᠣᠨ ᠤ᠋ ᠲᠥᠷᠥᠯ᠂ ᠠᠷᠪᠠᠨ ᠬᠡᠳᠦᠨ ᠲᠦᠮᠡᠨ ᠮᠦ᠍ ᠯᠡ ᠦᠯᠡᠳᠡᠵᠦ ᠪᠣᠢ ᠪᠥᠭᠡᠳ ᠪᠦᠷ ᠥᠪᠥᠷ ᠮᠣᠩᠭᠣᠯ ᠳ᠋ᠤ᠌ ᠤᠷᠭᠤᠵᠤ ᠪᠠᠢᠨ᠎ᠠ᠃ ᠲᠥᠪᠯᠡᠷᠡᠵᠦ ᠰᠢᠭᠤᠢᠷᠠᠭᠰᠠᠨ ᠨᠢ ᠵᠥᠪᠬᠡᠨ ᠭᠤᠷᠪᠠᠨ ᠲᠦᠮᠡ ᠭᠠᠷᠤᠢ ᠮᠦ᠍ ᠪᠠᠢᠵᠤ᠂ ᠪᠦᠷ ᠥᠪᠥᠷ ᠮᠣᠩᠭᠣᠯ ᠤ᠋ᠨ ᠬᠡᠰᠢᠭᠲᠡᠨ ᠦ᠌ ᠪᠠᠶᠠᠨ ᠣᠪᠣᠭ᠎ᠠ᠂ ᠰᠢᠯᠢ ᠶ᠋ᠢᠨ ᠭᠣᠣᠯ ᠠᠢᠮᠠᠭ᠂ ᠪᠠᠶᠠᠨ ᠰᠢᠯᠢ ᠳ᠋ᠦ᠍ ᠲᠥᠪᠯᠡᠷᠡᠵᠦ ᠪᠣᠢ᠃
ᠬᠢᠲᠠᠳ ᠨᠡᠷ᠎ᠡ᠄蒙古云杉
ᠠᠩᠭ᠌ᠯᠢ ᠨᠡᠷ᠎ᠡ᠄Picea meyeri Rehd.et E.H.Wilson var. mongolica H. Q. Wu
ᠦᠰᠦᠭ ᠠᠮᠢᠯᠠᠭᠤᠯᠤᠭᠴᠢ᠄ ᠳ᠂ ᠡᠷᠬᠢᠮᠪᠠᠭᠠᠲᠤᠷ
ᠬᠢᠨᠠᠭᠴᠢ᠄ ᠴᠠᠭᠠᠨ ᠲᠤᠶᠠᠭ᠎ᠠ
