ᠰᠢᠨ᠎ᠡ ᠳᠤᠮᠳᠠᠳᠤ ᠤᠯᠤᠰ ᠤᠨ ᠤᠷᠠᠨ ᠪᠢᠴᠢᠯᠭᠡᠳᠡᠳ -<ᠨᠢᠭᠡ>1949 ᠣᠨ ᠠᠴᠠ ᠡᠮᠦᠨ᠎ᠡ ᠮᠡᠨᠳᠦᠯᠡᠭᠰᠡᠳ - ᠬᠠᠸᠠᠩᠵᠠᠪ(1) Шинэ дундад улсын уран бичлэгдэд – <1>1949 оноос өмнө мэндэлсэд - Хаваанжав 1
<ᠨᠢᠭᠡ> 1949 ᠣᠨ ᠠᠴᠠ ᠡᠮᠦᠨ᠎ᠡ ᠮᠡᠨᠳᠦᠯᠡᠭᠰᠡᠨ ᠤᠷᠠᠨ ᠪᠢᠴᠢᠯᠭᠡᠲᠡᠳ
—— ᠬᠠᠸᠠᠩᠵᠠᠪ Хаваанжав
ᠬᠠᠸᠠᠩᠵᠠᠪ ( 1908 1991 ) ᠡᠷᠡᠭᠲᠡᠢ᠂ ᠮᠣᠩᠭᠣᠯ ᠦᠨᠳᠦᠰᠦᠲᠡᠨ᠂ ᠠᠯᠳᠠᠷᠲᠤ ᠤᠷᠠᠨ ᠪᠢᠴᠢᠯᠭᠡᠲᠡᠨ᠂ ᠤᠯᠤᠰ ᠤ᠋ᠨ ᠨᠢᠭᠡᠳᠦᠭᠡᠷ ᠳᠡᠰ ᠦ᠋ᠨ ᠵᠢᠷᠤᠭᠴᠢᠨ᠂ ᠬᠢᠲᠠᠳ ᠨᠡᠷ᠎ᠡ ᠨᠢ ᠡᠦ ᠵᠢᠩ ᠢᠦᠢ ᠭᠡᠳᠡᠭ᠃ ᠲᠡᠭᠦᠨ ᠦ᠌ ᠲᠡᠦᠬᠡ ᠨᠠᠮᠲᠠᠷ᠂ ᠪᠢᠴᠢᠯᠭᠡ ᠬᠡᠯᠪᠡᠷᠢ᠂ ᠤᠷᠠᠨ ᠪᠦᠲᠦᠭᠡᠯ᠂ ᠭᠠᠪᠢᠶ᠎ᠠ ᠵᠢᠳᠬᠦᠯ᠂ ᠨᠡᠷ᠎ᠡ ᠠᠯᠳᠠᠷ ᠨᠢ ᠮᠣᠩᠭᠣᠯ ᠤᠷᠠᠨ ᠪᠢᠴᠢᠯᠭᠡ ᠶ᠋ᠢᠨ ᠬᠦᠷᠢᠶ᠎ᠡ ᠬᠡᠪᠴᠢᠶᠡᠨ ᠳ᠋ᠦ᠍ ᠮᠠᠭᠲᠠᠭᠳᠠᠨ ᠳᠠᠭᠤᠷᠢᠰᠬᠠᠭᠳᠠᠵᠤ ᠮᠣᠩᠭᠣᠯ ᠤᠷᠠᠨ ᠪᠢᠴᠢᠯᠭᠡᠲᠡᠳ ᠦ᠋ᠨ ᠰᠤᠷᠤᠯᠴᠠᠬᠤ ᠦᠯᠢᠭᠡᠷ ᠳᠠᠭᠤᠷᠢᠶᠠᠯ ᠪᠣᠯᠤᠭᠰᠠᠨ ᠪᠠᠢᠨ᠎ᠠ᠃
ᠨᠢᠭᠡ ᠬᠠᠸᠠᠩᠵᠠᠪ ᠤ᠋ᠨ ᠠᠮᠢᠳᠤᠷᠠᠯ ᠤ᠋ᠨ ᠲᠣᠪᠴᠢ ᠨᠠᠮᠲᠠᠷ
ᠬᠠᠸᠠᠩᠵᠠᠪ 1908 ᠣᠨ ᠤ᠋ 9 ᠰᠠᠷ᠎ᠠ ᠶ᠋ᠢᠨ 22 ᠤᠨ ᠡᠳᠦᠷ ᠣᠳᠣ ᠶ᠋ᠢᠨ ᠯᠢᠶᠣᠤᠨᠢᠩ ᠮᠣᠵᠢ ᠶ᠋ᠢᠨ ᠹᠥᠰᠢᠨ ᠦ᠌ ᠮᠣᠩᠭᠣᠯ ᠦᠨᠳᠦᠰᠦᠲᠡᠨ ᠦ᠌ ᠥᠪᠡᠷᠲᠡᠭᠡᠨ ᠵᠠᠰᠠᠬᠤ ᠰᠢᠶᠠᠨ ᠤ᠋ ᠦᠨᠡᠭᠡᠲᠦ ᠶ᠋ᠢᠨ ᠬᠣᠷᠣᠭ᠎ᠠ ᠲᠣᠰᠬᠣᠨ ᠳ᠋ᠤ᠌ ᠲᠥᠷᠥᠪᠡ᠃ ᠬᠠᠸᠠᠩᠵᠠᠪ ᠤ᠋ᠨ ᠡᠴᠢᠭᠡ ᠪᠦᠭᠡᠵᠢᠷᠭᠠᠯ ᠬᠢᠲᠠᠳ ᠮᠣᠩᠭᠣᠯ ᠪᠢᠴᠢᠭ ᠲᠦ᠍ ᠨᠡᠪᠲᠡᠷᠡᠭᠰᠡᠨ ᠬᠥᠮᠦᠨ ᠪᠣᠯᠬᠣᠷ ᠲᠡᠭᠦᠨ ᠦ᠌ ᠦᠰᠦᠨ ᠪᠣᠢᠵᠢᠯᠲᠠ ᠳ᠋ᠤ᠌ ᠨᠥᠯᠥᠭᠡ ᠪᠣᠯᠤᠭᠰᠠᠨ ᠨᠢ ᠬᠡᠯᠡᠯᠭᠡᠨ ᠦᠭᠡᠢ᠃
ᠬᠠᠸᠠᠩᠵᠠᠪ ᠳᠣᠯᠣᠭᠠᠨ ᠨᠠᠰᠤ ᠲᠠᠢ ᠲᠡᠷᠡ ᠵᠢᠯ ᠳ᠋ᠦ᠍ ᠪᠡᠨ ᠲᠣᠰᠬᠣᠨ ᠤ᠋ ᠪᠠᠨ ᠬᠤᠪᠢ ᠬᠥᠮᠦᠨ ᠦ᠌ ᠡᠷᠬᠢᠯᠡᠭᠰᠡᠨ ᠰᠤᠷᠭᠠᠭᠤᠯᠢ ᠳ᠋ᠤ᠌ ᠣᠷᠣᠵᠤ ᠪᠢᠴᠢᠭ ᠦᠵᠡᠪᠡ᠃ ᠲᠡᠷᠡ ᠦᠶ᠎ᠡ ᠶ᠋ᠢᠨ ᠲᠣᠰᠬᠣᠨ ᠤ᠋ ᠰᠤᠷᠭᠠᠭᠤᠯᠢ ᠳ᠋ᠤ᠌ ᠰᠢᠷᠡᠭᠡ ᠰᠠᠨᠳᠠᠯᠢ ᠭᠡᠵᠦ ᠪᠠᠢᠬᠤ ᠦᠭᠡᠢ ᠬᠠᠨᠵᠤᠨ ᠳᠡᠭᠡᠷ᠎ᠡ ᠪᠡᠨ ᠵᠠᠪᠢᠯᠠᠨ ᠰᠠᠭᠤᠵᠤ ᠬᠢᠴᠢᠶᠡᠯ ᠰᠣᠨᠣᠰᠳᠠᠭ ᠪᠠᠢᠵᠠᠢ᠃ ᠲᠡᠷᠡ ᠪᠠᠭᠰᠢ ᠶ᠋ᠢᠨ ᠢ᠋ᠶ᠋ᠡᠨ ᠵᠢᠭᠠᠵᠤ ᠦᠭᠭᠥᠭᠰᠡᠨ《 ᠠ ᠠ᠋ ᠢ 》 ᠴᠠᠭᠠᠨ ᠲᠣᠯᠣᠭᠠᠢ ᠠ᠋ᠴᠠ ᠡᠬᠢᠯᠡᠵᠦ᠂ ᠮᠣᠩᠭᠣᠯ ᠦᠰᠦᠭ᠂ ᠮᠠᠨᠵᠤ ᠦᠰᠦᠭ ᠢ᠋ ᠮᠠᠰᠢ ᠰᠠᠢᠨ ᠰᠤᠷᠤᠯᠴᠠᠭᠰᠠᠨ ᠪᠢᠯᠡ᠃ ᠲᠡᠷᠡ ᠦᠶ᠎ᠡ ᠶ᠋ᠢᠨ ᠨᠥᠬᠥᠴᠡᠯ ᠠᠨᠢ ᠤᠴᠢᠷ ᠮᠠᠭᠤ ᠰᠠᠢᠨ ᠴᠠᠭᠠᠰᠤ ᠭᠡᠵᠦ ᠭᠣᠯᠣᠯ ᠦᠭᠡᠢ᠂ ᠠᠷᠤ ᠥᠪᠥᠷ ᠨᠢᠭᠤᠷ ᠭᠡᠵᠦ ᠦᠯᠡᠳᠡᠭᠡᠯ ᠦᠭᠡᠢ ᠡᠪᠦᠳᠦᠭ ᠳᠡᠭᠡᠷ᠎ᠡ ᠪᠡᠨ ᠲᠠᠯᠪᠢᠵᠤ ᠪᠠᠢᠭᠠᠳ ᠦᠰᠦᠨ ᠪᠢᠷ ᠢ᠋ᠶ᠋ᠡᠷ ᠨᠢᠭᠡᠳ ᠨᠢᠭᠡ ᠪᠡᠷ ᠪᠢᠴᠢᠵᠦ ᠰᠤᠷᠤᠯᠭ᠎ᠠ ᠰᠣᠶᠣᠯ ᠢ᠋ᠶ᠋ᠠᠨ ᠡᠬᠢᠯᠡᠭᠦᠯᠵᠡᠢ᠃
ᠠᠷᠪᠠᠨ ᠨᠠᠢ᠍ᠮᠠ ᠲᠠᠢ ᠲᠡᠷᠡ ᠵᠢᠯ ᠳ᠋ᠦ᠍ ᠪᠡᠨ ᠪᠢᠴᠢᠭ ᠦᠵᠡᠬᠦ ᠪᠡᠨ ᠪᠠᠢᠵᠤ ᠲᠠᠷᠢᠶᠠᠨ ᠠᠵᠢᠯ ᠳ᠋ᠤ᠌ ᠣᠷᠣᠯᠴᠠᠪᠠ᠃ ᠲᠡᠷᠡ ᠬᠡᠳᠦᠢ ᠪᠡᠷ ᠲᠠᠷᠢᠶᠠᠨ ᠠᠵᠢᠯ ᠳ᠋ᠤ᠌ ᠣᠷᠣᠯᠴᠠᠭᠰᠠᠨ ᠪᠣᠯᠪᠠᠴᠤ ᠠᠨᠵᠢᠰᠤ ᠪᠠᠷᠢᠵᠤ ᠴᠢᠳᠠᠬᠤ ᠦᠭᠡᠢ᠂ ᠥᠭᠡᠷ᠎ᠡ ᠠᠵᠢᠯ ᠢ᠋ ᠴᠦ᠍ ᠲᠡᠢᠮᠦ ᠰᠠᠢᠨ ᠬᠢᠵᠦ ᠴᠢᠳᠠᠳᠠᠭ ᠦᠭᠡᠢ ᠤᠴᠢᠷ ᠭᠡᠷ ᠲᠦ᠍ ᠪᠡᠨ ᠪᠠᠢᠭᠰᠠᠨ ᠲᠡᠷᠡ ᠦᠶ᠎ᠡ ᠶ᠋ᠢᠨ ᠦᠯᠢᠭᠡᠷ ᠦ᠋ᠨ ᠳᠡᠪᠲᠡᠷ ᠪᠣᠯᠤᠨ ᠪᠤᠰᠤᠳ ᠵᠦᠢᠯ ᠦ᠋ᠨ ᠪᠢᠴᠢᠭ ᠦ᠋ᠳ ᠢ᠋ ᠦᠰᠦᠨ ᠪᠢᠷ ᠢ᠋ᠶ᠋ᠡᠷ ᠬᠠᠭᠤᠯᠤᠨ ᠪᠢᠴᠢᠵᠦ ᠵᠠᠯᠠᠭᠤ ᠨᠠᠰᠤ ᠪᠠᠨ ᠵᠤᠭ᠎ᠠ ᠵᠢᠷᠭᠠᠯ ᠲᠠᠢ ᠥᠩᠭᠡᠷᠡᠭᠡᠵᠦ ᠪᠠᠢᠵᠠᠢ᠃ 25 ᠨᠠᠰᠤᠲᠠᠢ ᠲᠡᠷᠡ ᠵᠢᠯ ᠲᠤᠬᠠᠢᠯᠠᠪᠠᠯ 1933 ᠣᠨ ᠳ᠋ᠤ᠌ ᠣᠳᠣ ᠶ᠋ᠢᠨ ᠬᠢᠷᠢᠨ ᠮᠣᠵᠢ ᠶ᠋ᠢᠨ ᠴᠠᠩᠴᠥ᠋ᠨ ᠳ᠋ᠦ᠍ ᠣᠴᠢᠵᠤ ᠠᠯᠪᠠᠨ ᠠᠵᠢᠯ ᠳ᠋ᠤ᠌ ᠣᠷᠣᠯᠴᠠᠪᠠ᠃ ᠴᠠᠩᠴᠥ᠋ᠨ ᠳ᠋ᠦ᠍ ᠠᠵᠢᠯᠯᠠᠵᠤ ᠪᠠᠢᠭᠰᠠᠨ ᠬᠤᠭᠤᠴᠠᠭᠠᠨ ᠳ᠋ᠤ᠌ ᠪᠠᠨ ᠮᠣᠩᠭᠣᠯ ᠪᠠᠭ᠎ᠠ ᠰᠤᠷᠭᠠᠭᠤᠯᠢ ᠶ᠋ᠢᠨ ᠰᠤᠷᠬᠤ ᠪᠢᠴᠢᠭ ᠢ᠋ ᠦᠰᠦᠨ ᠪᠢᠷ ᠢ᠋ᠶ᠋ᠡᠷ ᠬᠠᠭᠤᠯᠤᠨ ᠪᠢᠴᠢᠵᠦ ᠬᠡᠪᠯᠡᠯ ᠳ᠋ᠦ᠍ ᠣᠷᠣᠭᠤᠯᠬᠤ ᠠᠵᠢᠯ ᠢ᠋ ᠬᠢᠵᠦ ᠪᠠᠢᠪᠠ᠃ 1933 ᠣᠨ ᠠ᠋ᠴᠠ 1952 ᠣᠨ ᠪᠣᠯᠲᠠᠯ᠎ᠠ ᠪᠠᠷᠤᠭ 20 ᠵᠢᠯ ᠦ᠋ᠨ ᠬᠤᠭᠤᠴᠠᠭᠠᠨ ᠳ᠋ᠤ᠌ ᠴᠠᠩᠴᠥ᠋ᠨ᠂ ᠬᠠᠢᠯᠠᠷ᠂ ᠤᠯᠠᠭᠠᠨᠬᠤᠲᠠ᠂ ᠵᠠᠡᠭᠴᠢᠭᠥᠥ ᠵᠡᠷᠭᠡ ᠭᠠᠵᠠᠷ ᠲᠤ᠌ ᠠᠵᠢᠯᠯᠠᠵᠤ ᠥᠩᠭᠡᠷᠡᠪᠡ᠃ 1952 ᠣᠨ ᠳ᠋ᠤ᠌ ᠬᠥᠬᠡᠬᠣᠲᠠ ᠳ᠋ᠤ᠌ ᠠᠵᠢᠯ ᠰᠢᠯᠵᠢᠵᠦ᠂ ᠥᠪᠥᠷ ᠮᠣᠩᠭᠣᠯ ᠤ᠋ᠨ ᠠᠷᠠᠳ ᠤ᠋ᠨ ᠬᠡᠪᠯᠡᠯ ᠦ᠋ᠨ ᠬᠣᠷᠢᠶᠠᠨ ᠳ᠋ᠤ᠌ ᠠᠵᠢᠯᠯᠠᠵᠤ ᠠᠷᠠᠳ ᠤ᠋ᠨ ᠬᠡᠪᠯᠡᠯ ᠦ᠋ᠨ ᠬᠣᠷᠢᠶ᠎ᠠ ᠠ᠋ᠴᠠ ᠠᠵᠢᠯ ᠤ᠋ᠨ ᠠᠮᠠᠷᠠᠯᠲᠠ ᠪᠠᠨ ᠠᠪᠤᠭᠰᠠᠨ ᠪᠠᠢᠨ᠎ᠠ᠃ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠵᠠᠰᠠᠭ ᠤ᠋ᠨ ᠣᠷᠳᠣᠨ ᠤ᠋ ᠰᠣᠶᠣᠯ ᠲᠡᠦᠬᠡ ᠶ᠋ᠢ ᠰᠤᠳᠤᠯᠬᠤ ᠣᠷᠳᠣᠨ ᠤ᠋ ᠳᠡᠳ᠋ ᠳᠠᠷᠤᠭ᠎ᠠ ᠶ᠋ᠢᠨ ᠲᠤᠰᠢᠶᠠᠯ ᠢ᠋ ᠴᠦ᠍ ᠬᠠᠷᠢᠭᠤᠴᠠᠵᠤ ᠥᠩᠭᠡᠷᠡᠵᠡᠢ᠃ 1991 ᠣᠨ ᠳ᠋ᠤ᠌ ᠬᠥᠬᠡᠬᠣᠲᠠ ᠳ᠋ᠤ᠌ ᠨᠠᠰᠤ ᠪᠠᠷᠠᠪᠠ᠃
ᠬᠣᠶᠠᠷ ᠬᠠᠸᠠᠩᠵᠠᠪ ᠤ᠋ᠨ ᠤᠷᠠᠨ ᠪᠢᠴᠢᠯᠭᠡ ᠶ᠋ᠢᠨ ᠪᠦᠲᠦᠭᠡᠯ
ᠬᠠᠷᠠᠬᠠᠨ ᠪᠠᠭ᠎ᠠ ᠠ᠋ᠴᠠ ᠪᠠᠨ ᠬᠠᠸᠠᠩᠵᠠᠪ ᠪᠢᠷ᠂ ᠪᠡᠬᠡ᠂ ᠴᠠᠭᠠᠰᠤ᠂ ᠵᠢᠭᠤᠷᠠᠭᠤᠯ ᠲᠠᠢ ᠨᠥᠬᠥᠷᠯᠡᠨ᠂ ᠤᠳᠠᠭᠠᠨ ᠡᠳᠦᠷ ᠵᠤᠵᠠᠭᠠᠨ ᠬᠣᠨᠣᠭ ᠪᠢᠴᠢᠯᠭᠡ ᠶ᠋ᠢᠨ ᠪᠣᠯᠪᠠᠰᠤᠷᠠᠯ ᠢ᠋ ᠬᠢᠵᠦ ᠢᠷᠡᠭᠰᠡᠨ ᠤᠴᠢᠷ ᠪᠢᠷ ᠦ᠋ᠨ ᠦᠵᠦᠭᠦᠷ ᠲᠤᠨᠢ ᠷᠢᠳᠢ ᠰᠢᠳᠢ ᠣᠷᠣᠰᠢᠵᠤ ᠪᠢᠴᠢᠭᠰᠡᠨ ᠦᠰᠦᠭ ᠨᠢ ᠲᠡᠭᠦᠨ ᠦ᠌ ᠰᠠᠨᠠᠭᠰᠠᠨ ᠰᠠᠨᠠᠭ᠎ᠠ ᠪᠣᠳᠣᠭᠰᠠᠨ ᠪᠣᠳᠣᠯᠭ᠎ᠠ ᠪᠠᠷ ᠨᠢ ᠢᠳᠡᠯᠢᠭ ᠬᠦᠴᠦ ᠲᠡᠢ᠂ ᠭᠣᠢᠳᠠ ᠰᠠᠢᠬᠠᠨ ᠭᠠᠷᠳᠠᠭ ᠪᠣᠯᠵᠠᠢ᠃ ᠲᠡᠭᠦᠨ ᠦ᠌ ᠦᠰᠦᠨ ᠪᠢᠷ ᠢ᠋ᠶ᠋ᠡᠷ ᠬᠠᠭᠤᠯᠤᠭᠰᠠᠨ ᠭᠣᠣᠯ ᠪᠣᠯᠬᠤ ᠪᠦᠲᠦᠭᠡᠯ ᠭᠡᠪᠡᠯ᠄
1950 ᠣᠨ ᠳ᠋ᠤ᠌ ᠠᠮᠢᠨ᠂ ᠸᠠᠩᠴᠤᠭ ᠲᠡᠢ ᠬᠠᠮᠲᠤᠷᠠᠨ ᠬᠠᠭᠤᠯᠤᠭᠰᠠᠨ ᠶᠢᠰᠦᠨ ᠵᠠᠭᠤ ᠠᠷᠪᠠᠨ ᠵᠢᠷᠭᠤᠭᠠᠨ ᠨᠢᠭᠤᠷ ᠲᠠᠢ《ᠬᠥᠬᠡ ᠲᠣᠯᠢ》᠃
1974 ᠣᠨ ᠳ᠋ᠤ᠌ ᠴᠸᠨ ᠴᠢᠩ ᠶᠦᠨ ᠲᠡᠢ ᠬᠠᠮᠲᠥᠷᠠᠨ ᠬᠠᠭᠤᠯᠤᠭᠰᠠᠨ ᠬᠣᠷᠢᠨ ᠭᠤᠷᠪᠠᠨ ᠲᠦᠮᠡᠨ ᠦᠰᠦᠭ ᠲᠡᠢ 《 ᠤᠯᠠᠭᠠᠨ ᠠᠰᠠᠷ ᠤ᠋ᠨ ᠵᠡᠭᠦᠳᠦᠨ 》᠃
1977 ᠣᠨ ᠳ᠋ᠤ᠌ ᠬᠠᠭᠤᠯᠤᠭᠰᠠᠨ ᠳᠣᠯᠣᠭᠠᠨ ᠲᠦᠮᠡᠨ ᠭᠠᠷᠤᠢ ᠦᠰᠦᠭ ᠲᠡᠢ《 ᠮᠣᠩᠭᠣᠯ ᠦᠰᠦᠭ ᠦ᠋ᠨ ᠪᠦᠭᠦᠳᠡ ᠲᠠᠢᠯᠪᠤᠷᠢ ᠪᠢᠴᠢᠭ 》᠃
1978 ᠣᠨ ᠳ᠋ᠤ᠌ ᠬᠠᠭᠤᠯᠤᠭᠰᠠᠨ《 ᠲᠡᠷᠢᠭᠦᠯᠡᠭᠴᠢ ᠮᠠᠤ ᠽᠧ ᠳ᠋ᠦᠩ ᠦ᠋ᠨ ᠰᠢᠯᠦᠭ ᠳᠠᠭᠤᠯᠠᠯ ᠭᠤᠴᠢᠨ ᠳᠣᠯᠣᠭᠠᠨ ᠪᠠᠳᠠᠭ 》 ᠪᠣᠯᠤᠨ ᠪᠠᠭ᠎ᠠ ᠰᠤᠷᠭᠠᠭᠤᠯᠢ ᠶ᠋ᠢᠨ ᠬᠢᠴᠢᠶᠡᠯ ᠦ᠋ᠨ ᠳᠡᠪᠲᠡᠷ ᠵᠡᠷᠭᠡ ᠨᠣᠮ ᠳᠡᠪᠲᠡᠷ ᠦ᠋ᠳ ᠪᠠᠢᠨ᠎ᠠ᠃
ᠡᠭᠦᠨ ᠡᠴᠡ ᠭᠠᠳᠠᠨ᠎ᠠ ᠾᠧᠨᠠᠨ᠂ ᠬᠤᠨᠠᠨ ᠤ᠋ ᠶᠠᠨ ᠳᠢ ᠯᠢᠩ᠂ ᠰᠧᠴᠤᠸᠠᠨ ᠤ᠋ ᠪᠠ ᠰᠢᠶᠠᠨ ᠪᠣᠯᠤᠨ ᠴᠦᠩᠴᠢᠩ᠂ ᠵᠸᠩᠵᠸᠦ ᠵᠡᠷᠭᠡ ᠭᠠᠵᠠᠷ ᠠᠷᠪᠠᠭᠠᠳ ᠢᠯᠡᠭᠦᠦ ᠴᠢᠯᠠᠭᠤᠨ ᠬᠥᠰᠢᠶ᠎ᠡ ᠶ᠋ᠢᠨ ᠪᠢᠴᠢᠭᠡᠰᠦ ᠶ᠋ᠢ ᠪᠢᠴᠢᠵᠦ ᠦᠭᠭᠦᠭᠰᠡᠨ ᠪᠥᠭᠡᠳ ᠣᠷᠣᠨ ᠤ᠋ ᠳᠣᠲᠣᠷ᠎ᠠ ᠭᠠᠳᠠᠨᠠᠬᠢ ᠤᠷᠠᠨ ᠪᠢᠴᠢᠯᠭᠡ ᠶ᠋ᠢᠨ ᠦᠵᠡᠰᠬᠦᠯᠡᠩ ᠳ᠋ᠦ᠍ ᠣᠷᠣᠯᠴᠠᠵᠤ᠂ ᠤᠷᠢᠳ ᠬᠣᠵᠢᠳ ᠥᠪᠥᠷ ᠮᠣᠩᠭᠣᠯ ᠤ᠋ᠨ《 ᠰᠠᠷᠠᠨ᠎ᠠ 》ᠱᠠᠩᠨᠠᠯ᠂ ᠮᠣᠩᠭᠣᠯ ᠤᠷᠠᠨ ᠪᠢᠴᠢᠯᠭᠡ ᠶ᠋ᠢᠨ ᠦᠢᠯᠡᠰ ᠲᠦ᠍ ᠳᠣᠪᠣᠢᠮ᠎ᠠ ᠠᠮᠵᠢᠯᠲᠠ ᠭᠠᠷᠭᠠᠭᠰᠠᠨ ᠱᠠᠩᠨᠠᠯ᠂ ᠮᠣᠩᠭᠣᠯ ᠪᠢᠴᠢᠭ ᠢ᠋ ᠰᠤᠷᠴᠤ ᠬᠡᠷᠡᠭᠯᠡᠭᠰᠡᠨ ᠲᠡᠷᠢᠭᠦᠨ ᠦ᠌ ᠠᠵᠢᠯᠲᠠᠨ ᠵᠡᠷᠭᠡ ᠮᠠᠰᠢ ᠣᠯᠠᠨ ᠱᠠᠩᠨᠠᠯ ᠬᠥᠬᠢᠭᠦᠯᠦᠯ ᠢ᠋ ᠣᠯᠤᠭᠰᠠᠨ ᠪᠠᠢᠨ᠎ᠠ᠃
ᠭᠤᠷᠪᠠ ᠬᠠᠸᠠᠩᠵᠠᠪ ᠤ᠋ᠨ ᠤᠷᠠᠨ ᠪᠢᠴᠢᠯᠭᠡ ᠶ᠋ᠢᠨ ᠲᠢᠭ ᠬᠡᠯᠪᠡᠷᠢ
ᠬᠠᠸᠠᠩᠵᠠᠪ ᠤ᠋ᠨ ᠤᠷᠠᠨ ᠪᠢᠴᠢᠯᠭᠡ ᠶ᠋ᠢᠨ ᠲᠢᠭ ᠬᠡᠯᠪᠡᠷᠢ ᠨᠢ ᠲᠥᠪ ᠪᠢᠴᠢᠯᠭᠡ ᠪᠣᠯᠤᠨ᠎ᠠ᠃ ᠮᠠᠨ ᠳ᠋ᠤ᠌ ᠣᠯᠳᠠᠭᠰᠠᠨ ᠮᠠᠲ᠋ᠧᠷᠢᠶᠠᠯ ᠤ᠋ᠳ ᠭᠡᠪᠡᠯ ᠪᠦᠷ ᠯᠡ ᠲᠥᠪ ᠪᠢᠴᠢᠯᠭᠡ ᠶ᠋ᠢᠨ ᠨᠣᠮ ᠳᠡᠪᠲᠡᠷ ᠤᠴᠢᠷ ᠲᠡᠭᠦᠨ ᠦ᠌ ᠪᠢᠴᠢᠯᠭᠡ ᠶ᠋ᠢ ᠲᠥᠪ ᠪᠢᠴᠢᠯᠭᠡ ᠶ᠋ᠢᠨ ᠬᠦᠷᠢᠶ᠎ᠡ ᠴᠠᠷ᠎ᠠ ᠳ᠋ᠤ᠌ ᠣᠷᠣᠭᠤᠯᠤᠨ ᠦᠵᠡᠬᠦ ᠴᠢᠬᠤᠯᠠ ᠲᠠᠢ᠃ ᠲᠡᠭᠦᠨ ᠦ᠌ ᠦᠰᠦᠨ ᠪᠢᠷ ᠢ᠋ᠶ᠋ᠡᠷ ᠬᠠᠭᠤᠯᠤᠭᠰᠠᠨ ᠦᠨ᠎ᠡ ᠴᠠᠨ᠎ᠠ ᠲᠠᠢ ᠵᠤᠵᠠᠭᠠᠨ ᠵᠤᠵᠠᠭᠠᠨ ᠨᠣᠮ ᠳᠡᠪᠲᠡᠷ ᠦ᠋ᠳ ᠢ᠋ ᠳᠡᠯᠭᠡᠨ ᠰᠢᠨᠵᠢᠪᠡᠯ ᠳᠣᠣᠷᠠᠬᠢ ᠮᠡᠲᠦ ᠬᠡᠳᠦᠨ ᠲᠠᠯ᠎ᠠ ᠶ᠋ᠢᠨ ᠣᠨᠴᠠᠯᠢᠭ ᠲᠠᠢ ᠪᠢᠯᠡ᠃ ᠡᠨᠳᠡ ᠲᠡᠭᠦᠨ ᠦ᠌ ᠲᠥᠯᠥᠭᠡᠯᠡᠭᠴᠢ ᠪᠦᠲᠦᠭᠡᠯ ᠪᠣᠯᠬᠤ 《 ᠤᠯᠠᠭᠠᠨ ᠠᠰᠠᠷ ᠤ᠋ᠨ ᠵᠡᠭᠦᠳᠦᠨ 》 ᠡᠴᠡ ᠨᠢᠭᠡᠨ ᠨᠢᠭᠤᠷ ᠦᠰᠦᠭ ᠢ᠋ ᠰᠣᠩᠭᠣᠨ ᠵᠠᠳᠠᠯᠤᠶ᠎ᠠ᠃
1. ᠨᠢᠭᠡ ᠪᠦᠲᠦᠭᠡᠯ᠂ ᠨᠢᠭᠡ ᠬᠠᠭᠤᠳᠠᠰᠤ ᠦᠰᠦᠭ ᠦ᠋ᠨ ᠶᠡᠬᠡ ᠪᠠᠭ᠎ᠠ ᠵᠢᠭᠳᠡ᠂ ᠵᠢᠷᠤᠯᠭ᠎ᠠ ᠶ᠋ᠢᠨ ᠬᠦᠨᠳᠦ ᠬᠥᠩᠭᠡᠨ ᠲᠣᠳᠣᠷᠬᠠᠢ(ᠳᠠᠷᠤᠢ ᠪᠢᠷ ᠦ᠋ᠨ ᠡᠷᠭᠦᠯᠲᠡ ᠳᠠᠷᠤᠯᠲᠠ ᠲᠣᠳᠣᠷᠬᠠᠢ)ᠦᠰᠦᠭ ᠦ᠋ᠨ ᠪᠦᠲᠦᠴᠡ ᠵᠣᠬᠢᠴᠠᠯᠲᠠ ᠶ᠋ᠢᠨ ᠵᠢᠮ᠎ᠡ ᠶᠣᠰᠣᠴᠢ ᠴᠢᠨᠠᠷ ᠢ᠋ᠶ᠋ᠠᠷ ᠴᠢᠩᠭ᠎ᠠ᠂ ᠥᠪᠡᠷ ᠦ᠋ᠨ ᠢ᠋ᠶ᠋ᠡᠨ ᠭᠡᠬᠦ ᠣᠨᠴᠠᠯᠢᠭ ᠬᠡᠪ ᠨᠠᠮᠪᠠ ᠶ᠋ᠢ ᠪᠦᠷᠢᠯᠳᠦᠭᠦᠯᠵᠡᠢ᠃ ᠵᠢᠱ᠌ᠢᠶᠡᠯᠡᠪᠡᠯ ᠄ ⑴ ᠠᠴᠤᠭ ᠪᠦᠷᠢ ᠶ᠋ᠢᠨ ᠤᠷᠲᠤ ᠨᠢ ᠬᠡᠮᠵᠢᠭᠰᠡᠨ ᠰᠢᠭ ᠠᠳᠠᠯᠢᠬᠠᠨ᠂ ᠡᠷᠭᠦᠯᠲᠡ ᠳᠠᠷᠤᠯᠲᠠ ᠶ᠋ᠢᠨ ᠬᠦᠨᠳᠦᠴᠡ ᠵᠢᠭᠳᠡ ᠲᠤᠰᠤᠯᠲᠠ ᠲᠠᠢ᠃ ⑵ ᠭᠡᠳᠡᠰᠦ ᠶ᠋ᠢᠨ ᠶᠡᠬᠡ ᠪᠠᠭ᠎ᠠ ᠠᠳᠠᠯᠢᠬᠠᠨ᠂ ᠬᠡᠯᠪᠡᠷᠢ ᠶᠠᠩᠵᠤ ᠠᠳᠠᠯᠢᠬᠠᠨ᠃ ⑶ ᠣᠷᠬᠢᠴᠠ( ᠰᠡᠭᠦᠯ ) ᠶᠢᠨ ᠤᠷᠲᠤ ᠶ᠋ᠢᠨ ᠬᠡᠮᠵᠢᠶ᠎ᠡ ᠲᠡᠩᠴᠡᠭᠦᠷᠢᠲᠡᠢ᠃ ᠠᠶᠠᠨᠳᠠᠭᠠᠨ ᠮᠤᠷᠤᠢᠭᠰᠠᠨ᠃ ᠬᠦᠰᠢᠮᠡᠯ ᠪᠢᠰᠢ᠂ ᠣᠷᠬᠢᠴᠠ ᠶ᠋ᠢᠨ ᠡᠬᠢᠨ ᠬᠢᠭᠡᠳ ᠦᠵᠦᠭᠦᠷ ᠦ᠋ᠨ ᠵᠢᠷᠤᠯᠭ᠎ᠠ ᠬᠦᠨᠳᠦᠴᠡ ᠲᠡᠢ᠃ ᠳᠤᠮᠳᠠ ᠨᠢ ᠬᠥᠩᠭᠡᠨ ᠰᠢᠭ᠂( ᠵᠢᠷᠤᠯᠭ᠎ᠠ ᠨᠢ ᠨᠠᠷᠢᠬᠠᠨ ᠰᠢᠭ᠋ )ᠦᠵᠦᠭᠦᠷ ᠳᠡᠭᠡᠷ᠎ᠡ ᠨᠢ ᠬᠤᠷᠴᠠ ᠰᠡᠷᠭᠦᠯᠡᠩ ᠮᠡᠷᠭᠡᠨ ᠦᠵᠦᠭᠦᠷ ᠭᠠᠷᠴᠤ ᠲᠡᠭᠦᠰᠦᠨ᠎ᠡ᠃ ⑷ ᠤᠷᠤᠭᠰᠢᠯᠠᠭ᠎ᠠ ᠴᠠᠴᠤᠯᠭ᠎ᠠ ᠶ᠋ᠢᠨ ᠤᠷᠲᠤ ᠶ᠋ᠢᠨ ᠬᠡᠮᠵᠢᠶ᠎ᠡ ᠠᠳᠠᠯᠢᠬᠠᠨ᠂ ᠶᠠᠩᠵᠤ ᠬᠡᠯᠪᠡᠷᠢ ᠨᠢ ᠠᠳᠠᠯᠢᠬᠠᠨ᠃ ᠠᠶᠠᠨᠳᠠᠭᠠᠨ ᠮᠤᠷᠤᠢᠨ ᠦᠵᠦᠭᠦᠷ ᠲᠦ᠍ ᠨᠢ ᠬᠦᠨᠳᠦᠴᠡ ᠲᠡᠢ ᠬᠤᠷᠴᠠ ᠦᠵᠦᠭᠦᠷ ᠭᠠᠷᠭᠠᠨ ᠲᠡᠭᠦᠰᠬᠡᠨ᠎ᠡ᠃ ᠣᠷᠬᠢᠴᠠ ᠶ᠋ᠢ ᠪᠢᠴᠢᠭᠰᠡᠨ ᠪᠢᠷ ᠬᠡᠷᠡᠭᠯᠡᠬᠦ ᠠᠷᠭ᠎ᠠ ᠶ᠋ᠢᠨ ᠤᠷᠪᠠᠭᠤ ᠶᠠᠩᠵᠤ ᠪᠠᠷ ᠪᠢᠴᠢᠪᠡᠯ ᠪᠣᠯᠴᠢᠬᠠᠨ᠎ᠠ᠃ ⑸ 《 ᠯᠡ 》ᠶ᠋ᠢᠨ ᠡᠪᠡᠷ᠂ ᠦᠰᠦᠭ ᠦ᠋ᠨ ᠪᠡᠶ᠎ᠡ ᠲᠡᠢ ᠨᠡᠢᠯᠡᠭᠰᠡᠨ ᠭᠠᠵᠠᠷ ᠨᠢ ᠨᠠᠷᠢᠨ ᠰᠢᠭ᠋ ᠪᠠᠢᠵᠤ ᠳᠠᠷᠤᠰᠭᠢᠭᠰᠠᠨ ᠬᠦᠨᠳᠦᠴᠡ ᠲᠡᠢ᠂ ᠦᠵᠦᠭᠦᠷ ᠵᠦᠭ ᠢ᠋ᠶ᠋ᠡᠨ ᠮᠡᠷᠭᠡᠨ ᠦᠵᠦᠭᠦᠷ ᠭᠠᠷᠴᠤ ᠲᠡᠭᠦᠰᠦᠨ᠎ᠡ᠃ ᠲᠤᠩ ᠳᠦᠷᠢᠮᠵᠢᠨ ᠬᠡᠪᠰᠢᠵᠡᠢ᠃( ᠮᠤᠷᠤᠢᠭᠰᠠᠨ ᠡᠪᠡᠷ ᠦ᠋ᠨ ᠳᠣᠲᠣᠷ᠎ᠠ ᠲᠠᠯ᠎ᠠ ᠶ᠋ᠢᠨ ᠵᠢᠷᠤᠯᠭ᠎ᠠ ᠮᠡᠷᠭᠡᠨ ᠦᠵᠦᠭᠦᠷ ᠭᠠᠷᠤᠨ᠎ᠠ )᠃ ⑹ 《 ᠮᠠ 》ᠶ᠋ᠢᠨ ᠭᠡᠵᠢᠭᠡ ᠨᠢ ᠯᠡ ᠶ᠋ᠢᠨ ᠡᠪᠡᠷ ᠲᠡᠢ ᠤᠷᠪᠠᠭᠤ ᠴᠢᠭᠯᠡᠯ ᠢ᠋ᠶ᠋ᠡᠷ ᠪᠢᠷ ᠵᠠᠷᠤᠵᠤ ᠪᠢᠷ ᠲᠡᠭᠦᠰᠬᠡᠨ᠎ᠡ᠃
2. ᠳᠤᠰᠤᠯ ᠵᠠᠷᠢᠮ ᠳ᠋ᠤ᠌ ᠪᠠᠨ ᠭᠤᠷᠪᠠᠯᠵᠢᠨ ᠳᠤᠰᠤᠯ ᠵᠠᠷᠢᠮ ᠳ᠋ᠤ᠌ ᠪᠠᠨ ᠲᠥᠭᠥᠷᠢᠭ ᠳᠤᠰᠤᠯ ᠪᠠᠢᠳᠠᠭ᠃( ᠳᠠᠭᠠᠯᠳᠤᠭᠤᠯᠤᠯ ᠵᠢᠷᠤᠭ ᠲᠤ᠌ ᠦᠵᠡ)᠃
3. ᠨᠢᠭᠡ ᠦᠰᠦᠭ ᠦ᠋ᠨ ᠵᠠᠯᠭᠠᠯᠳᠤᠭᠰᠠᠨ ᠬᠡᠳᠦᠨ ᠠᠴᠤᠭ ᠢ᠋ ᠭᠠᠷᠭᠠᠬᠤ ᠳ᠋ᠤ᠌ ᠠᠴᠤᠭ ᠪᠦᠷᠢ ᠶ᠋ᠢ ᠬᠣᠯᠪᠣᠨ ᠪᠢᠴᠢᠬᠦ ᠦᠭᠡᠢ᠂ ᠬᠠᠷᠢᠨ ᠨᠢᠭᠡ ᠨᠢᠭᠡ ᠠᠴᠤᠭ ᠢ᠋ᠶ᠋ᠠᠷ ᠲᠠᠰᠤᠯᠠᠨ ᠪᠢᠴᠢᠵᠦ ᠪᠠᠢᠳᠠᠭ᠃ ᠠᠴᠤᠭ ᠪᠦᠷᠢ ᠶ᠋ᠢ ᠪᠢᠴᠢᠬᠦ ᠳ᠋ᠦ᠍ ᠪᠢᠷ ᠢ᠋ ᠴᠠᠭᠠᠰᠤᠨ ᠠ᠋ᠴᠠ ᠰᠠᠯᠭᠠᠵᠤ ᠳᠠᠬᠢᠨ ᠲᠤᠯᠭᠠᠨ ᠪᠢᠴᠢᠵᠦ ᠪᠠᠢᠳᠠᠭ᠃ 《 ᠠᠯᠠᠭᠠᠳ᠂ ᠭᠠᠭᠴᠠ᠂ ᠠᠯᠠᠭᠰᠠᠨ᠂ ᠵᠠᠭᠤᠷ᠎ᠠ 》ᠮᠡᠲᠦ᠃(ᠳᠠᠭᠠᠯᠳᠤᠭᠤᠯᠤᠯ ᠵᠢᠷᠤᠭ ᠲᠤ᠌ ᠦᠵᠡ)᠃
4. ᠠᠴᠤᠭ ᠰᠢᠯᠪᠢ ᠵᠠᠯᠭᠠᠬᠤ ᠦᠰᠦᠭ ᠦ᠋ᠨ ᠲᠢᠲᠢᠮ ᠦ᠋ᠨ ᠠᠴᠤᠭ ᠬᠢᠭᠡᠳ ᠭᠡᠳᠡᠰᠦ ᠵᠠᠯᠭᠠᠬᠤ ᠦᠰᠦᠭ ᠦ᠋ᠨ ᠲᠢᠲᠢᠮ ᠦ᠋ᠨ ᠠᠴᠤᠭ ᠬᠣᠶᠠᠷ ᠠᠳᠠᠯᠢ ᠦᠭᠡᠢ ᠪᠠᠢᠳᠠᠭ᠃ ᠲᠢᠲᠢᠮ ᠦ᠋ᠨ ᠳᠣᠣᠷ᠎ᠠ ᠠᠴᠤᠭ ᠰᠢᠯᠪᠢ ᠢᠷᠡᠪᠡᠯ ᠲᠢᠲᠢᠮ ᠦ᠋ᠨ ᠠᠴᠤᠭ ᠲᠤᠩ ᠲᠣᠳᠣᠷᠬᠠᠢ ᠪᠢᠴᠢᠭᠳᠡᠨ᠎ᠡ᠃《 ᠮᠠᠨ᠂ ᠠᠷᠠᠳ᠂ ᠢᠳᠡᠭᠡᠨ᠂ ᠡᠢᠮᠦ 》ᠮᠡᠲᠦ᠃ ᠲᠢᠲᠢᠮ ᠦ᠋ᠨ ᠳᠣᠣᠷ᠎ᠠ ᠭᠡᠳᠡᠰᠦ ᠢᠷᠡᠪᠡᠯ ᠲᠢᠲᠢᠮ ᠦ᠋ᠨ ᠠᠴᠤᠭ ᠲᠣᠳᠣ ᠦᠭᠡᠢ ᠬᠠᠷᠢᠨ ᠨᠢᠷᠤᠭᠤ ᠲᠠᠢ ᠠᠳᠠᠯᠢ ᠪᠣᠯᠴᠢᠬᠠᠬᠤ ᠰᠢᠦ ᠪᠢᠴᠢᠭᠳᠡᠨ᠎ᠡ᠃ 《ᠤᠷᠭᠤᠨ᠂ ᠣᠳᠴᠤ᠂ ᠣᠯᠠᠨ᠂ ᠦᠭᠡᠢ᠂ ᠦᠭᠡ 》ᠮᠡᠲᠦ᠃(ᠳᠠᠭᠠᠯᠳᠤᠭᠤᠯᠤᠯ ᠵᠢᠷᠤᠭ ᠲᠤ᠌ ᠦᠵᠡ)᠃
5.《 ᠪᠠ 》 ᠶ᠋ᠢᠨ ᠪᠠᠭᠪᠠᠷ ᠲᠤ᠌ ᠠᠴᠤᠭ ᠢᠷᠡᠪᠡᠯ ᠵᠢᠷᠤᠯᠭ᠎ᠠ ᠶ᠋ᠢᠨ ᠬᠠᠷᠢᠴᠠᠯ ᠶᠣᠰᠣᠭᠠᠷ ᠪᠢᠴᠢᠵᠦ᠂ ᠭᠡᠳᠡᠰᠦ ᠢᠷᠡᠪᠡᠯ ᠬᠠᠷᠢᠨ ᠶᠡᠬᠡ ᠰᠢᠭ ᠪᠣᠯᠭᠠᠨ ᠪᠢᠴᠢᠳᠡᠭ ᠪᠠᠢᠨ᠎ᠠ᠃ 《 ᠪᠠᠰᠠ᠂ ᠪᠠᠷᠢᠵᠤ᠂ ᠪᠠᠢᠨ᠂ ᠪᠢᠴᠢᠬᠠᠨ 》ᠮᠡᠲᠦ᠃ 《 ᠪᠣᠭᠣᠯ᠂ ᠪᠤᠶᠤ᠂ ᠪᠣᠯᠵᠤᠬᠤᠢ 》ᠮᠡᠲᠦ᠃ ( ᠳᠠᠭᠠᠯᠳᠤᠭᠤᠯᠤᠯ ᠵᠢᠷᠤᠭ ᠲᠤ᠌ ᠦᠵᠡ )᠃
6.《 ᠢ 》 ᠶ᠋ᠢᠨ ᠬᠢᠮᠤᠰᠤ ᠶ᠋ᠢ ᠶᠡᠬᠡ ᠠᠴᠤᠭ ᠰᠢᠭ᠋ ᠨᠢᠷᠤᠭᠤ ᠶ᠋ᠢᠨ ᠱᠤᠭᠤᠮ ᠳᠡᠭᠡᠷ᠎ᠡ ᠪᠢᠴᠢᠵᠦ ᠲᠡᠭᠦᠰᠬᠡᠨ᠎ᠡ᠃ ᠬᠠᠷᠢᠨ ᠨᠢᠷᠤᠭᠤ ᠱᠤᠭᠤᠮ ᠠ᠋ᠴᠠ ᠬᠣᠢᠰᠢ ᠭᠠᠷᠭᠠᠳᠠᠭ ᠦᠭᠡᠢ᠃ 《 ᠲᠠᠢ᠂ ᠦᠭᠡᠢ᠂ ᠪᠣᠯᠵᠤᠬᠤᠢ᠂ ᠡᠭᠦᠳᠡᠴᠢ 》ᠮᠡᠲᠦ᠃ (ᠳᠠᠭᠠᠯᠳᠤᠭᠤᠯᠤᠯ ᠵᠢᠷᠤᠭ ᠲᠤ᠌ ᠦᠵᠡ )᠃
7.《ᠭᠠ 》 ᠶ᠋ᠢᠨ ᠳᠤᠰᠤᠯ ᠤ᠋ᠨ ᠨᠢᠭᠡᠳᠦᠭᠡᠷ ᠳᠤᠰᠤᠯ( ᠳᠡᠭᠡᠷ᠎ᠡ ᠲᠠᠯ᠎ᠠ ᠶ᠋ᠢᠨ )ᠦᠰᠦᠭ ᠦ᠋ᠨ ᠪᠡᠶ᠎ᠡ ᠡᠴᠡ ᠵᠠᠢᠳᠠᠭᠤ ᠰᠢᠭ᠋ ᠲᠠᠯᠪᠢᠵᠤ ᠬᠣᠶᠠᠳᠤᠭᠠᠷ ᠳᠤᠰᠤᠯ ᠢ᠋ ᠬᠠᠷᠢᠨ ᠦᠰᠦᠭ ᠦ᠋ᠨ ᠪᠡᠶ᠎ᠡ ᠡᠴᠡ ᠣᠢᠷᠬᠠᠨ ᠪᠢᠴᠢᠳᠡᠭ ᠠ᠋᠃《ᠭᠠᠭᠴᠠ᠂ ᠭᠠᠷᠭᠠᠨ᠂ ᠠᠷᠢᠯᠭᠠᠪᠠᠰᠤ 》ᠮᠡᠲᠦ᠃( ᠳᠠᠭᠠᠯᠳᠤᠭᠤᠯᠤᠯ ᠵᠢᠷᠤᠭ ᠲᠤ᠌ ᠦᠵᠡ )᠃
8. ᠳᠣᠣᠷ᠎ᠠ ᠣᠷᠣᠬᠤ 《 ᠷ 》ᠳᠡᠪᠢᠰᠬᠡᠷ ᠦ᠋ᠨ ᠰᠢᠯᠪᠢ ᠶ᠋ᠢ ᠤᠷᠤᠭᠰᠢᠯᠠᠭ᠎ᠠ ᠰᠢᠭ᠋ ᠳᠤᠭᠤᠢᠯᠭᠠᠨ ᠭᠠᠷᠭᠠᠵᠤ ᠳᠠᠬᠢᠨ ᠡᠷᠪᠡᠭᠡᠯᠵᠢ ᠵᠠᠷᠲᠢᠭ ᠢ᠋ ᠨᠢᠷᠤᠭᠤ ᠶ᠋ᠢᠨ ᠱᠤᠭᠤᠮ ᠳᠡᠭᠡᠷ᠎ᠡ ᠰᠢᠯᠪᠢ ᠲᠡᠢ ᠤᠭᠳᠤᠯᠴᠠᠭᠤᠯᠤᠨ ᠳᠠᠷᠤᠵᠤ ᠲᠠᠯᠪᠢᠨ᠎ᠠ᠃《 ᠮᠥᠷ᠂ ᠲᠣᠷ᠂ ᠵᠠᠭᠤᠷ᠎ᠠ᠂ ᠣᠢᠷ᠎ᠠ 》ᠮᠡᠲᠦ᠃ ( ᠳᠠᠭᠠᠯᠳᠤᠭᠤᠯᠤᠯ ᠵᠢᠷᠤᠭ ᠲᠤ᠌ ᠦᠵᠡ )᠃
9. ᠰᠡᠨᠵᠢᠲᠡᠢ ᠰᠢᠯᠪᠢ 《 ᠳ᠋᠊ 》 ᠦ᠋ᠨ ᠤᠷᠲᠤ ᠨᠢ ᠡᠮᠦᠨ᠎ᠡ ᠵᠠᠬ᠎ᠠ ᠶ᠋ᠢᠨ ᠱᠤᠭᠤᠮ ᠬᠦᠷᠦᠮ᠎ᠡ ᠤᠷᠲᠤ ᠃ ᠬᠠᠶᠠ ᠤᠷᠤᠭᠰᠢᠯᠠᠭ᠎ᠠ ᠴᠠᠴᠤᠯᠭ᠎ᠠ ᠰᠢᠦ ᠤᠷᠲᠤ ᠪᠠᠢᠳᠠᠭ᠃ ᠡᠨᠡ ᠪᠠᠷᠤᠭ ᠡᠷᠲᠡᠨ ᠦ᠌ ᠪᠢᠴᠢᠯᠭᠡ ᠡᠴᠡ ᠢᠷᠡᠯ ᠲᠡᠢ ᠪᠠᠢᠯᠭᠦᠢ᠃ ᠪᠤᠰᠤᠳ ᠰᠢᠯᠪᠢ ᠶ᠋ᠢᠨ ᠤᠷᠲᠤ ᠨᠢ ᠲᠠᠪᠤᠨ ᠱᠤᠭᠤᠮ ᠤ᠋ᠨ ᠶᠣᠰᠣᠨ ᠳ᠋ᠤ᠌ ᠨᠡᠢᠴᠡᠨ᠎ᠡ᠃ 《ᠵᠠᠭᠠᠯᠳᠤᠲᠠᠯᠠ᠂ ᠡᠭᠦᠳᠡᠴᠢ᠂ ᠦᠯᠡᠳᠡᠵᠦᠬᠦᠢ 》ᠮᠡᠲᠦ᠃( ᠳᠠᠭᠠᠯᠳᠤᠭᠤᠯᠤᠯ ᠵᠢᠷᠤᠭ ᠲᠤ᠌ ᠦᠵᠡ )᠃
10. ᠬᠠᠸᠠᠩᠵᠠᠪ ᠤ᠋ᠨ ᠦᠰᠦᠭ ᠦ᠋ᠨ ᠬᠡᠪ ᠨᠠᠮᠪᠠ ᠭᠡᠪᠡᠯ᠄ ᠨᠠᠷᠢᠯᠵᠠᠭᠤᠷ᠂ ᠰᠢᠨᠳᠠᠰᠤ ᠲᠠᠢ ᠦᠰᠦᠭ᠃ ᠡᠷᠮᠡᠭᠦᠨ ᠰᠢᠨᠵᠢ ᠲᠡᠢ᠃ ᠬᠡᠷᠴᠢᠮᠡᠯ ᠪᠢᠷ ᠣᠯᠠᠨ᠃
ᠳᠥᠷᠪᠡ ᠬᠠᠸᠠᠩᠵᠠᠪ ᠤ᠋ᠨ ᠮᠣᠩᠭᠣᠯ ᠤᠷᠠᠨ ᠪᠢᠴᠢᠯᠭᠡ ᠳ᠋ᠡᠬᠢ
ᠪᠠᠢᠷᠢ ᠰᠠᠭᠤᠷᠢ ᠬᠢᠭᠡᠳ ᠨᠥᠯᠥᠭᠡ ᠲᠤᠰᠬᠠᠯ
ᠬᠠᠸᠠᠩᠵᠠᠪ ᠢ᠋ ᠮᠣᠩᠭᠣᠯ ᠤᠷᠠᠨ ᠪᠢᠴᠢᠯᠭᠡ ᠶ᠋ᠢᠨ ᠲᠥᠪ ᠪᠢᠴᠢᠯᠭᠡ ᠶ᠋ᠢᠨ《 ᠸᠠᠩ ᠰᠢ ᡁᠢ 》ᠭᠡᠵᠦ ᠬᠡᠯᠡᠵᠦ ᠪᠣᠯᠤᠨ᠎ᠠ᠃
ᠤᠴᠢᠷ ᠨᠢ ᠲᠡᠭᠦᠨ ᠦ᠌ ᠪᠢᠴᠢᠭᠰᠡᠨ ᠲᠥᠪ ᠪᠢᠴᠢᠯᠭᠡ ᠶ᠋ᠢᠨ ᠦᠰᠦᠭ ᠨᠢ ᠮᠣᠩᠭᠣᠯ ᠤᠷᠠᠨ ᠪᠢᠴᠢᠯᠭᠡ ᠶ᠋ᠢᠨ ᠳᠦᠷᠢᠮᠵᠢᠯ ᠳ᠋ᠦ᠍ ᠶᠡᠬᠡᠬᠡᠨ ᠦᠢᠯᠡᠳᠦᠯ ᠦᠵᠡᠭᠦᠯᠵᠦ ᠦᠨᠳᠦᠰᠦ ᠶ᠋ᠢ ᠬᠠᠳᠬᠤᠵᠤ ᠰᠠᠭᠤᠷᠢ ᠶ᠋ᠢ ᠲᠠᠯᠪᠢᠵᠤ ᠥᠭᠴᠡᠢ᠃ ᠬᠠᠸᠠᠩᠵᠠᠪ ᠬᠢᠲᠠᠳ ᠤᠷᠠᠨ ᠪᠢᠴᠢᠯᠭᠡ ᠶ᠋ᠢᠨ ᠪᠢᠷ ᠬᠡᠷᠡᠭᠯᠡᠬᠦ ᠠᠷᠭ᠎ᠠ᠂ ᠪᠢᠷ ᠶᠠᠪᠤᠭᠤᠯᠬᠤ ᠠᠷᠭ᠎ᠠ᠂ ᠪᠢᠷ ᠲᠡᠭᠦᠰᠬᠡᠬᠦ ᠠᠷᠭ᠎ᠠ ᠶ᠋ᠢ ᠮᠣᠩᠭᠣᠯ ᠤᠷᠠᠨ ᠪᠢᠴᠢᠯᠭᠡ ᠳ᠋ᠦ᠍ ᠠᠭᠤᠰᠬᠠᠨ ᠬᠡᠷᠡᠭᠯᠡᠭᠰᠡᠨ ᠬᠠᠮᠤᠭ ᠪᠦᠲᠦᠮᠵᠢᠲᠡᠢ ᠬᠥᠮᠦᠨ ᠦ᠌ ᠨᠢᠭᠡ ᠪᠣᠯᠤᠨ᠎ᠠ᠃ ᠲᠡᠭᠦᠨ ᠡᠴᠡ ᠰᠡᠭᠦᠯᠡᠷ ᠬᠢ ᠣᠯᠠᠨ ᠣᠯᠠᠨ ᠤᠷᠠᠨ ᠪᠢᠴᠢᠯᠭᠡᠳᠡᠳ ᠲᠡᠭᠦᠨ ᠦ᠌ ᠦᠰᠦᠭ ᠢ᠋ ᠦᠯᠢᠭᠡᠷ ᠦᠰᠦᠭ ᠪᠣᠯᠭᠠᠨ ᠢ᠋ ᠳᠠᠭᠠᠨ ᠰᠤᠷᠤᠯᠴᠠᠭᠰᠠᠨ ᠪᠠᠢᠨ᠎ᠠ᠃ ᠲᠡᠭᠡᠭᠡᠳ ᠬᠠᠸᠠᠩ ᠲᠢᠭ ᠦ᠋ᠨ ᠤᠷᠤᠰᠬᠠᠯ ᠪᠦᠯᠦᠭ ᠪᠣᠢ ᠪᠣᠯᠵᠤ ᠴᠢᠳᠠᠵᠠᠢ᠃
ᠬᠠᠸᠠᠩᠵᠠᠪ ᠮᠣᠩᠭᠣᠯ ᠦᠨᠳᠦᠰᠦᠲᠡᠨ ᠦ᠌ ᠤᠷᠠᠨ ᠪᠢᠴᠢᠯᠭᠡ ᠶ᠋ᠢᠨ ᠲᠡᠦᠬᠡᠨ ᠳ᠋ᠦ᠍ ᠥᠪᠡᠷ ᠦ᠋ᠨ ᠢ᠋ᠶ᠋ᠡᠨ ᠭᠡᠬᠦ ᠣᠨᠴᠠᠯᠢᠭ ᠲᠠᠢ ᠭᠣᠢᠳᠠ ᠰᠠᠢᠬᠠᠨ ᠲᠥᠪ ᠪᠢᠴᠢᠯᠭᠡ ᠶ᠋ᠢ ᠦᠯᠡᠳᠡᠭᠡᠵᠦ ᠦᠭᠭᠦᠭᠰᠡᠨ ᠪᠠᠢᠨ᠎ᠠ᠃ ᠲᠡᠭᠦᠨ ᠦ᠌ ᠤᠷᠠᠨ ᠪᠢᠴᠢᠯᠭᠡ ᠶ᠋ᠢᠨ ᠲᠢᠭ ᠬᠡᠯᠪᠡᠷᠢ ᠶ᠋ᠢ ᠨᠢᠭᠡᠨᠲᠡ ᠭᠠᠤᠯᠢᠨ ᠬᠡᠪ᠂ ᠺᠣᠮᠫᠢᠦ᠋ᠲ᠋ᠧᠷ ᠲᠦ᠍ ᠣᠷᠣᠭᠤᠯᠵᠤ 《 ᠬᠠᠸᠠᠩ ᠲᠢᠭ 》 ᠭᠡᠵᠦ ᠨᠡᠷᠡᠯᠡᠭᠡᠳ ᠮᠣᠩᠭᠣᠯ ᠨᠣᠮ ᠳᠡᠪᠲᠡᠷ᠂ ᠰᠣᠨᠢᠨ ᠰᠡᠳᠬᠦᠯ᠂ ᠪᠢᠴᠢᠭ ᠮᠠᠲ᠋ᠧᠷᠢᠶᠠᠯ ᠳ᠋ᠤ᠌ ᠥᠷᠭᠡᠨ ᠳᠡᠯᠭᠡᠷᠡᠩᠭᠦᠢ ᠪᠡᠷ ᠬᠡᠷᠡᠭᠯᠡᠵᠦ ᠪᠠᠢᠨ᠎ᠠ᠃ ᠲᠡᠷᠡ ᠨᠢ ᠮᠠᠨ ᠤ᠋ ᠦᠨᠳᠦᠰᠦᠲᠡᠨ ᠦ᠌ ᠦᠰᠦᠭ ᠪᠢᠴᠢᠭ ᠦ᠋ᠨ ᠲᠡᠦᠬᠡᠨ ᠳ᠋ᠦ᠍ ᠪᠠᠰᠠ ᠨᠢᠭᠡ ᠵᠦᠢᠯ ᠦ᠋ᠨ ᠮᠣᠩᠭᠣᠯ ᠪᠠᠷ ᠬᠡᠪ ᠦ᠋ᠨ ᠲᠢᠭ ᠢ᠋ ᠨᠡᠮᠡᠭᠰᠡᠨ ᠪᠠᠢᠨ᠎ᠠ᠃
ᠬᠠᠸᠠᠩᠵᠠᠪ ᠤ᠋ᠨ ᠲᠥᠪ ᠪᠢᠴᠢᠯᠭᠡ ᠨᠢ ᠮᠣᠩᠭᠣᠯ ᠤᠷᠠᠨ ᠪᠢᠴᠢᠯᠭᠡ ᠶ᠋ᠢᠨ ᠣᠷᠭᠢᠯ ᠤ᠋ᠨ ᠨᠢᠭᠡ ᠪᠣᠯᠤᠭᠰᠠᠨ ᠠ᠋ᠴᠠ ᠤᠷᠠᠨ ᠪᠢᠴᠢᠯᠭᠡ ᠰᠤᠷᠴᠤ ᠪᠠᠢᠭ᠎ᠠ ᠬᠥᠮᠦᠰ ᠦ᠋ᠨ ᠣᠯᠠᠩᠬᠢ ᠨᠢ ᠬᠠᠸᠠᠩ ᠲᠢᠭ ᠦ᠋ᠨ ᠪᠢᠴᠢᠯᠭᠡ ᠪᠡᠷ ᠦᠯᠢᠭᠡᠷ ᠦᠰᠦᠭ ᠪᠣᠯᠭᠠᠨ ᠳᠠᠭᠤᠷᠢᠶᠠᠨ ᠪᠣᠯᠪᠠᠰᠤᠷᠠᠵᠤ ᠤᠷᠠᠨ ᠪᠢᠴᠢᠯᠭᠡ ᠶ᠋ᠢᠨ ᠵᠠᠮ ᠳ᠋ᠤ᠌ ᠣᠷᠣᠵᠤ ᠪᠠᠢᠨ᠎ᠠ᠃
ᠲᠠᠪᠤ ᠬᠠᠸᠠᠩᠵᠠᠪ ᠤ᠋ᠨ ᠠᠯᠳᠠᠷ ᠭᠠᠪᠢᠶ᠎ᠠ
ᠬᠠᠸᠠᠩᠵᠠᠪ ᠠᠮᠢᠳᠤ ᠰᠡᠷᠡᠭᠦᠨ ᠪᠠᠢᠬᠤ ᠳ᠋ᠤ᠌ ᠪᠠᠨ ᠥᠪᠥᠷ ᠮᠣᠩᠭᠣᠯ ᠤ᠋ᠨ ᠤᠷᠠᠨ ᠪᠢᠴᠢᠯᠭᠡᠳᠡᠳ ᠦ᠋ᠨ ᠨᠡᠢᠭᠡᠮᠯᠢᠭ ᠦ᠋ᠨ ᠭᠡᠰᠢᠭᠦᠨ᠂ ᠥᠪᠥᠷ ᠮᠣᠩᠭᠣᠯ ᠤ᠋ᠨ ᠵᠢᠷᠤᠭ ᠪᠢᠴᠢᠯᠭᠡ ᠶ᠋ᠢᠨ ᠬᠦᠷᠢᠶᠡᠯᠡᠭ ᠦ᠋ᠨ ᠭᠡᠰᠢᠭᠦᠨ᠂ ᠥᠪᠥᠷ ᠮᠣᠩᠭᠣᠯ ᠤ᠋ᠨ ᠰᠣᠶᠣᠯ ᠲᠡᠦᠬᠡ ᠰᠤᠳᠤᠯᠬᠤ ᠭᠠᠵᠠᠷ ᠤ᠋ᠨ ᠳᠡᠳ᠋ ᠳᠠᠷᠤᠭ᠎ᠠ᠂ ᠬᠥᠬᠡᠬᠣᠲᠠ ᠣᠷᠣᠨ ᠳ᠋ᠠᠬᠢ ᠮᠣᠩᠭᠣᠯ ᠤᠷᠠᠨ ᠪᠢᠴᠢᠯᠭᠡ ᠶ᠋ᠢᠨ ᠰᠤᠳᠤᠯᠭᠠᠨ ᠤ᠋ ᠨᠡᠢᠭᠡᠮᠯᠢᠭ ᠦ᠋ᠨ ᠨᠡᠷ᠎ᠡ ᠬᠦᠨᠳᠦᠲᠦ ᠳᠠᠷᠤᠭ᠎ᠠ ᠵᠡᠷᠭᠡ ᠲᠤᠰᠢᠶᠠᠯ ᠲᠠᠢ ᠪᠠᠢᠵᠠᠢ᠃
ᠬᠠᠸᠠᠩᠵᠠᠪ ᠢ᠋ ᠪᠠᠢ ᠪᠥᠬᠡ ᠫᠷᠣᠹᠧᠰᠰᠣᠷ ᠬᠡᠳᠦ ᠤᠳᠠᠭ᠎ᠠ ᠰᠤᠷᠪᠤᠯᠵᠢᠯᠠᠨ ᠦᠰᠦᠨ ᠪᠢᠷ ᠦ᠋ᠨ ᠪᠢᠴᠢᠯᠭᠡ ᠶ᠋ᠢ ᠬᠡᠷᠬᠢᠨ ᠪᠢᠴᠢᠬᠦ ᠲᠤᠬᠠᠢ ᠠᠰᠠᠭᠤᠭᠰᠠᠨ ᠳ᠋ᠤ᠌ ᠲᠡᠷᠡ᠄《ᠦᠰᠦᠨ ᠪᠢᠷ ᠢ᠋ᠶ᠋ᠡᠷ ᠪᠢᠴᠢᠬᠦ ᠳ᠋ᠦ᠍ ᠶᠠᠮᠠᠷ ᠨᠢᠭᠡᠨ ᠨᠢᠭᠤᠴᠠ ᠠᠷᠭ᠎ᠠ ᠪᠠᠷᠢᠯ ᠭᠡᠵᠦ ᠪᠠᠢᠬᠤ ᠦᠭᠡᠢ᠂ ᠭᠠᠭᠴᠠ ᠬᠦ᠌ ᠵᠣᠷᠢᠭ ᠲᠠᠢ ᠪᠠᠷ ᠤᠷᠲᠤ ᠬᠤᠭᠤᠴᠠᠭ᠎ᠠ ᠪᠠᠷ ᠲᠠᠰᠤᠷᠠᠯᠲᠠ ᠦᠭᠡᠢ ᠪᠢᠴᠢᠳᠡᠭ ᠯᠡ ᠶᠦᠮ ᠪᠣᠯ ᠭᠠᠷ ᠤ᠋ᠨ ᠪᠢᠴᠢᠯᠭᠡ ᠯᠠᠪ ᠰᠠᠢᠵᠢᠷᠠᠨ᠎ᠠ 》ᠭᠡᠵᠦ ᠬᠡᠯᠡᠭᠰᠡᠨ ᠪᠠᠢᠨ᠎ᠠ᠃
ᠬᠠᠸᠠᠩᠵᠠᠪ ᠪᠣᠯ ᠨᠣᠮᠣᠬᠠᠨ ᠳᠠᠷᠤᠤ ᠣᠪᠣᠷ ᠰᠤᠷᠲᠠᠯ ᠲᠠᠢ ᠬᠥᠮᠦᠨ ᠶᠦᠮ᠃ ᠲᠡᠷᠡ ᠭᠣᠶᠣ ᠰᠠᠢᠬᠠᠨ ᠤᠷᠠᠨ ᠪᠢᠴᠢᠯᠭᠡ᠂ ᠦᠨᠡᠨᠴᠢ ᠰᠢᠳᠤᠷᠭᠤ ᠰᠠᠢᠨ ᠵᠠᠩ ᠢ᠋ᠶ᠋ᠠᠷ ᠢ᠋ᠶ᠋ᠠᠨ ᠬᠥᠮᠦᠰ ᠢ᠋ ᠨᠥᠯᠥᠭᠡᠯᠡᠨ ᠵᠣᠷᠢᠭᠵᠢᠭᠤᠯᠵᠤ᠂ ᠰᠤᠷᠭᠠᠨ ᠬᠥᠮᠦᠵᠢᠭᠦᠯᠦᠭᠰᠡᠨ ᠪᠠᠢᠨ᠎ᠠ᠃ ᠣᠳᠣᠬᠠᠨ ᠳ᠋ᠤ᠌ ᠮᠣᠩᠭᠣᠯ ᠤᠷᠠᠨ ᠪᠢᠴᠢᠯᠭᠡ ᠶ᠋ᠢᠨ ᠲᠥᠪ ᠪᠢᠴᠢᠯᠭᠡ ᠪᠡᠷ ᠠᠯᠳᠠᠷᠰᠢᠭᠰᠠᠨ ᠪᠤᠥᠱᠠᠨ᠂ ᠪᠠᠶᠠᠨᠬᠦᠦ᠂ ᠪᠢᠯᠢᠭᠲᠦ᠂ ᠰᠡᠴᠡᠨᠲᠤᠶᠠᠭ᠎ᠠ᠂ ᠲᠠᠨ᠎ᠠ᠂ ᠰᠠᠢᠨᠵᠠᠶᠠᠭᠠ᠂ ᠬᠠᠢ ᠱᠠᠨ( ᠤᠯᠠᠭᠠᠨᠬᠠᠳᠠ )᠂ ᠬᠠᠢ ᠰᠢᠶᠦ᠋ᠩ᠂ ᠬᠠᠢ ᠪᠤᠤ᠂ ᠬᠦᠨᠡᠰᠦᠳᠦ᠂ ᠰᠢ ᠶᠢᠨᠵᠦᠦᠷ᠂ ᠠᠯᠳᠠᠨᠰᠤᠭᠤᠨᠠᠭ᠂ ᠮᠦᠩᠭᠦᠨᠴᠡᠴᠡᠭ᠂ ᠰᠠᠷᠠᠩᠭᠣᠸᠠ᠂ ᠰᠠᠢᠬᠠᠨᠬᠤᠸᠠᠷ᠂ ᠠᠯᠳᠠᠷᠲᠤ᠂ ᠪᠤᠤ ᡁᠢ ᠬᠤᠸᠠ᠂ ᠡᠷᠳᠡᠨᠢᠪᠥ᠋ᠬᠡ( ᠪᠠᠭ᠎ᠠ )᠂ ᠲᠦᠪᠰᠢᠨ ᠁ ᠨᠠᠷ ᠤ᠋ᠨ ᠪᠢᠴᠢᠯᠭᠡ ᠨᠢ ᠪᠦᠷ ᠬᠠᠸᠠᠩᠵᠠᠪ ᠤ᠋ᠨ ᠤᠷᠠᠨ ᠪᠢᠴᠢᠯᠭᠡ ᠪᠡᠷ ᠰᠠᠭᠤᠷᠢ ᠪᠣᠯᠭᠠᠭᠰᠠᠨ ᠪᠢᠴᠢᠯᠭᠡ ᠲᠡᠢ ᠪᠣᠯᠵᠤ ᠬᠠᠸᠠᠩᠵᠠᠪ ᠤ᠋ᠨ ᠪᠢᠴᠢᠯᠭᠡ ᠶ᠋ᠢᠨ ᠤᠷᠤᠰᠬᠠᠯ ᠪᠦᠯᠦᠭ ᠦ᠋ᠨ ᠬᠥᠮᠦᠰ ᠪᠣᠯᠤᠭᠰᠠᠨ ᠪᠠᠢᠨ᠎ᠠ᠃
ᠬᠢᠲᠠᠳ ᠤ᠋ᠨ ᠡᠷᠲᠡᠨ ᠦ᠌ ᠶᠡᠬᠡ ᠤᠷᠠᠨ ᠪᠢᠴᠢᠯᠭᠡᠲᠡᠨ ᠸᠠᠩ ᠰᠢ ᡁᠢ᠂ ᠧᠦ ᠶᠠᠩ ᠱᠢᠶᠦᠨ᠂ ᠶᠠᠨ ᠵᠸᠨ ᠴᠢᠩ᠂ ᠯᠢᠦ ᠬᠦᠩ ᠴᠢᠤᠸᠠᠨ᠂ ᠵᠣᠣ ᠮᠧᠩ ᠹᠦ ᠶ᠋ᠢ ᠬᠢᠲᠠᠳ ᠤᠷᠠᠨ ᠪᠢᠴᠢᠯᠭᠡ ᠣᠷᠣᠯᠳᠣᠳᠠᠭ ᠬᠥᠮᠦᠰ ᠪᠦᠷ ᠪᠢᠰᠢᠷᠡᠨ ᠬᠦᠨᠳᠦᠳᠬᠡᠳᠡᠭ ᠪᠥᠭᠡᠳ ᠲᠡᠳᠡᠨ ᠦ᠌ ᠤᠷᠠᠨ ᠪᠢᠴᠢᠯᠭᠡ ᠶ᠋ᠢ ᠦᠯᠢᠭᠡᠷ ᠦᠰᠦᠭ ᠪᠣᠯᠭᠠᠨ ᠳᠠᠭᠤᠷᠢᠶᠠᠨ ᠪᠢᠴᠢᠳᠡᠭ ᠤᠷᠠᠨ ᠪᠢᠴᠢᠯᠭᠡᠲᠡᠨ ᠲᠣᠭ᠎ᠠ ᠦᠭᠡᠢ ᠪᠠᠢᠳᠠᠭ ᠲᠠᠢ ᠠᠳᠠᠯᠢ ᠪᠠᠷ ᠬᠠᠸᠠᠩᠵᠠᠪ ᠴᠤ᠌ ᠮᠣᠩᠭᠣᠯ ᠤᠷᠠᠨ ᠪᠢᠴᠢᠯᠭᠡ ᠣᠷᠣᠯᠳᠣᠭᠰᠠᠳ ᠪᠠ ᠡᠰᠡ ᠣᠷᠣᠯᠳᠣᠭᠰᠠᠳ 《 ᠬᠠᠸᠠᠩ ᠲᠢᠭ 》 ᠢ᠋ ᠦᠵᠡᠭᠰᠡᠨ ᠬᠥᠮᠦᠨ ᠪᠦᠬᠦᠨ ᠥᠪᠡᠷ ᠦ᠋ᠨ ᠡᠷᠬᠡ ᠦᠭᠡᠢ ᠱᠠᠭᠰᠢᠨ ᠮᠠᠭᠲᠠᠳᠠᠭ ᠪᠢᠯᠡ᠃
ᠬᠠᠸᠠᠩᠵᠠᠪ ᠪᠣᠯ ᠮᠠᠨ ᠤ᠋ ᠮᠣᠩᠭᠣᠯ ᠤᠷᠠᠨ ᠪᠢᠴᠢᠯᠭᠡ ᠶ᠋ᠢᠨ ᠲᠥᠪ ᠪᠢᠴᠢᠯᠭᠡ ᠶ᠋ᠢ ᠨᠢᠭᠡᠨ ᠰᠢᠨ᠎ᠡ ᠱᠠᠲᠤᠨ ᠳ᠋ᠤ᠌ ᠬᠦᠷᠭᠡᠭᠰᠡᠨ ᠭᠠᠪᠢᠶᠠᠲᠤ ᠬᠥᠮᠦᠨ ᠪᠣᠯᠤᠨ᠎ᠠ᠃
ᠬᠠᠸᠠᠩᠵᠠᠪ ᠤ᠋ᠨ ᠪᠣᠯᠣᠳ ᠪᠢᠷ ᠦ᠋ᠨ ᠪᠢᠴᠢᠯᠭᠡ

ᠬᠠᠸᠠᠩᠵᠠᠪ ᠤᠨ ᠤᠷᠠᠨ ᠪᠢᠴᠢᠯᠭᠡ ( ᠳᠠᠭᠠᠯᠳᠤᠭᠤᠯᠤᠯ ᠵᠢᠷᠤᠭ 1 )

ᠦᠷᠭᠦᠯᠵᠢᠯᠡᠯ ᠪᠣᠢ ᠁
ᠬᠠᠸᠠᠩᠵᠠᠪ ᠤᠨ ᠤᠷᠠᠨ ᠪᠢᠴᠢᠯᠭᠡ ( ᠳᠠᠭᠠᠯᠳᠤᠭᠤᠯᠤᠯ ᠵᠢᠷᠤᠭ 2 )
– 《ᠤᠯᠠᠭᠠᠨ ᠠᠰᠠᠷ ᠤᠨ ᠵᠡᠭᠦᠳᠦ》 ᠶ᠋ᠢᠨ ᠤᠷᠠᠨ ᠪᠢᠴᠢᠯᠭᠡ ᠶᠢ ᠳᠠᠷᠠᠭᠠᠴᠢ ᠶᠢᠨ ᠬᠣᠯᠪᠣᠭᠠᠰᠤ ᠪᠠᠷ ᠣᠷᠣᠨ ᠰᠣᠨᠢᠷᠬᠠᠭᠠᠷᠠᠢ!
