ᠣᠷᠣᠢ ᠦᠭᠡᠢ ᠰᠦᠮ᠎ᠡ – ᠭᠤᠴᠢ ᠂ ᠪᠤᠷᠤᠭᠤ ᠳᠠᠪᠠᠭ᠎ᠠ ᠪᠠᠷ ᠣᠷᠣᠭᠰᠠᠨ ᠬᠥᠮᠦᠨ Оройгүй сүм – Гуч ᠂ Буруу даваагаар орсон хүн - Oroigui sum 30
ᠭᠤᠴᠢ ᠂ ᠪᠤᠷᠤᠭᠤ ᠳᠠᠪᠠᠭ᠎ᠠ ᠪᠠᠷ ᠣᠷᠣᠭᠰᠠᠨ ᠬᠥᠮᠦᠨ
ᠬᠤᠳᠠᠯᠴᠢ ᠬᠥᠮᠦᠨ ᠬᠤᠯᠠᠭᠠᠢᠴᠢ ᠬᠥᠮᠦᠨ ᠦ᠌ ᠳᠡᠭᠦᠦ
ᠤᠨᠲᠠᠭᠰᠠᠨ ᠬᠥᠮᠦᠨ ᠦᠬᠦᠭᠰᠡᠨ ᠬᠥᠮᠦᠨ ᠦ᠌ ᠳᠡᠭᠦᠦ
ᠪᠤᠶᠠᠨᠵᠠᠯᠪᠠᠷᠢᠬᠤ ᠬᠡᠢᠳ ᠲᠦ᠍ ᠴᠣᠶᠢᠷᠣ᠎ᠠ ᠶ᠋ᠢᠨ ᠰᠢᠨ᠎ᠡ ᠳᠤᠭᠠᠩ ᠪᠠᠷᠢᠬᠤ ᠠᠵᠢᠯ ᠢᠳᠡ ᠣᠪᠣᠯᠵᠠᠵᠤ ᠪᠠᠢᠪᠠ᠃ ᠰᠦᠵᠢᠭᠲᠡᠨ ᠦ᠋ᠳ ᠠᠷᠤ ᠵᠢᠷᠭᠠᠯᠠᠩ ᠤ᠋ᠨ ᠨᠢᠷᠤᠭᠤ᠂ ᠨᠤᠮᠤ ᠳᠡᠯᠢᠭᠡᠴᠢ ᠶ᠋ᠢᠨ ᠮᠣᠳᠣᠨ ᠠ᠋ᠴᠠ ᠭᠤᠸᠠᠯᠢᠩ ᠵᠥᠭᠡᠭᠡᠵᠦ᠂ ᠰᠠᠷᠯᠤᠭ ᠤ᠋ᠨ ᠱᠠᠷ ᠢ᠋ᠶ᠋ᠠᠷ ᠵᠣᠭᠰᠣᠭ᠎ᠠ ᠵᠠᠢ ᠦᠭᠡᠢ ᠨᠡᠰᠢ ᠴᠠᠰᠢ ᠲᠡᠭᠡᠭᠡᠵᠦ ᠪᠠᠢᠯ᠎ᠠ᠃ ᠡᠳᠦᠷ ᠪᠦᠷᠢ ᠰᠢᠨ᠎ᠡ ᠳᠤᠭᠠᠩ ᠪᠦᠲᠦᠭᠡᠬᠦ ᠳ᠋ᠦ᠍ ᠵᠣᠷᠢᠭᠤᠯᠤᠭᠰᠠᠨ ᠡᠷᠭᠦᠯ ᠪᠠᠷᠢᠴᠠ ᠴᠤᠭᠯᠠᠷᠠᠵᠤ᠂ ᠳᠡᠮᠪᠡᠷᠢᠯ ᠭᠡᠰᠬᠦᠢ᠂ ᠳᠡᠮᠴᠦᠭ ᠭᠠᠪᠵᠢ ᠠ᠋ᠴᠠ ᠡᠬᠢᠯᠡᠭᠡᠳ ᠰᠢᠷᠡᠭᠡᠲᠦ ᠴᠣᠢᠪᠵᠡᠨ ᠢ᠋ ᠬᠦᠷᠲᠡᠯ᠎ᠡ ᠪᠥᠭᠡᠮ ᠶᠡᠬᠡ ᠠᠵᠢᠯ ᠲᠠᠢ ᠪᠣᠯᠭᠠᠯ᠎ᠠ᠃ ᠬᠠᠮᠪᠤ ᠯᠠᠮᠠ ᠰᠠᠩᠵᠢᠳᠠᠯᠪᠢᠴᠣᠢᠵᠠᠮᠰᠤ ᠥᠪᠡᠷ ᠢ᠋ᠶ᠋ᠡᠨ ᠰᠦᠮ᠎ᠡ ᠪᠦᠲᠦᠭᠡᠬᠦ ᠠᠵᠢᠯ ᠢ᠋ ᠵᠢᠭᠠᠨ ᠵᠢᠭᠠᠪᠤᠷᠢᠯᠠᠵᠤ᠂ ᠵᠢᠷᠤᠬᠤ ᠶᠢ ᠨᠢ ᠵᠢᠷᠤᠵᠤ᠂ ᠪᠣᠳᠣᠬᠤ ᠶ᠋ᠢ ᠨᠢ ᠬᠦᠷᠲᠡᠯ᠎ᠡ ᠪᠣᠳᠣᠯᠴᠠᠵᠤ ᠬᠤᠷᠠᠯ ᠨᠣᠮ ᠤ᠋ᠨ ᠠᠵᠢᠯ ᠠ᠋ᠴᠠ ᠴᠤ᠌ ᠬᠠᠶᠠ ᠬᠥᠨᠳᠡᠢᠷᠡᠬᠦ ᠰᠢᠨᠵᠢ ᠣᠷᠣᠵᠠᠢ᠃ ᠰᠢᠨ᠎ᠡ ᠳᠤᠭᠠᠩ ᠪᠦᠲᠦᠭᠡᠵᠦ ᠪᠠᠢᠭ᠎ᠠ ᠰᠤᠷᠠᠭ ᠢ᠋ᠶ᠋ᠠᠷ ᠬᠠᠪᠢ ᠣᠢᠷ᠎ᠠ ᠶ᠋ᠢᠨ ᠰᠢᠲᠦᠯᠭᠡᠲᠡᠨ ᠨᠥᠬᠥᠳ ᠮᠣᠳᠣ ᠴᠢᠯᠠᠭᠤᠨ ᠠ᠋ᠴᠠ ᠡᠬᠢᠯᠡᠭᠡᠳ ᠡᠭᠡᠮᠦᠭ ᠪᠥᠭᠡᠵᠢ ᠪᠡᠨ ᠬᠦᠷᠲᠡᠯ᠎ᠡ ᠡᠷᠭᠦᠯ ᠪᠠᠷᠢᠴᠠ ᠪᠣᠯᠭᠠᠵᠤ ᠪᠠᠢᠭ᠎ᠠ ᠨᠢ ᠰᠠᠩᠵᠢ ᠬᠠᠮᠪᠤ ᠶᠢᠨ ᠰᠡᠳᠬᠢᠯ ᠢ᠋ ᠳᠣᠭᠳᠣᠯᠤᠭᠤᠯᠵᠠᠢ᠃ ᠨᠣᠮ ᠤ᠋ᠨ ᠭᠤᠨᠢᠭ ᠢ᠋ ᠨᠢ ᠲᠡᠷᠡ ᠠᠵᠢᠯ ᠮᠠᠷᠲᠠᠭᠤᠯᠪᠠ᠃
ᠠᠮᠤᠷ ᠵᠢᠮᠣᠷ ᠣᠷᠣᠰᠢᠬᠤ ᠰᠢᠯᠲᠠᠭᠠᠨ ᠪᠦᠷᠢᠳᠦᠭᠦᠯᠬᠦ᠂ ᠯᠠᠮᠠ ᠬᠤᠸᠠᠷᠠᠭ ᠤ᠋ᠨ ᠰᠣᠨᠣᠰᠬᠤ᠂ ᠰᠠᠨᠠᠬᠤ᠂ ᠰᠡᠷᠢᠬᠦ ᠲᠡᠷᠢᠭᠦᠲᠡᠨ ᠢ᠋ ᠨᠡᠮᠡᠭᠳᠡᠭᠦᠯᠬᠦ᠂ ᠥᠭᠯᠢᠭᠡ ᠶ᠋ᠢᠨ ᠡᠵᠡᠳ ᠴᠠᠭᠯᠠᠰᠢ ᠦᠭᠡᠢ ᠪᠤᠶᠠᠨ ᠬᠤᠷᠠᠯᠳᠤᠭᠤᠯᠬᠤ᠂ ᠣᠯᠠᠨ ᠬᠥᠮᠦᠨ ᠬᠤᠷᠠᠨ ᠮᠥᠷᠭᠥᠬᠦ ᠶ᠋ᠢᠨ ᠣᠷᠣᠨ ᠪᠣᠯᠭᠠᠬᠤ ᠬᠡᠷᠡᠭᠴᠡᠭᠡ ᠶ᠋ᠢ ᠳᠦᠭᠦᠷᠡᠩ ᠪᠦᠷᠢᠳᠦᠭᠦᠯᠬᠦ ᠶ᠋ᠢ ᠰᠠᠩᠵᠢ ᠶᠠᠭᠤᠨ ᠤ᠋ ᠡᠮᠦᠨ᠎ᠡ ᠡᠷᠬᠢᠮᠯᠡᠵᠦ ᠪᠠᠢᠪᠠ᠃ ᠡᠢᠮᠦ ᠱᠠᠭᠠᠷᠳᠠᠯᠭ᠎ᠠ ᠶ᠋ᠢ ᠬᠠᠩᠭᠠᠬᠤ ᠨᠢ ᠰᠦᠮ᠎ᠡ᠂ ᠬᠡᠢᠳ ᠪᠠᠷᠢᠬᠤ ᠶᠣᠰᠣᠨ ᠤ᠋ ᠨᠠᠭᠠᠳᠤ ᠵᠠᠬ᠎ᠠ ᠶ᠋ᠢᠨ ᠬᠡᠷᠡᠭ ᠠᠵᠢ᠃
《ᠡᠯᠪᠡᠷᠢᠯᠲᠦ ᠡᠬᠡ ᠶ᠋ᠢᠨ ᠬᠣᠢᠴᠢ ᠳᠤᠷᠠᠰᠬᠠᠯ ᠢ᠋ ᠪᠣᠳᠣᠵᠤ ᠨᠢᠭᠡᠨ ᠳᠤᠭᠠᠩ ᠪᠠᠷᠢᠭᠤᠯᠬᠤ ᠪᠠᠷ ᠤᠷᠤᠯᠳᠤᠵᠤ ᠪᠠᠢᠨ᠎ᠠ》 ᠭᠡᠵᠦ ᠡᠴᠢᠭᠡ ᠳ᠋ᠦ᠍ ᠪᠡᠨ ᠰᠠᠩᠵᠢ ᠬᠠᠮᠪᠤ ᠬᠡᠯᠡᠬᠦ ᠳ᠋ᠦ᠍ ᠳᠡᠷᠡᠨ ᠦ᠌ ᠪᠠᠶᠠᠷᠯᠠᠨ ᠬᠥᠭᠡᠷᠦᠭᠰᠡᠨ ᠢ᠋ ᠳᠦᠷᠰᠦᠯᠡᠬᠦ ᠠᠷᠭ᠎ᠠ ᠦᠭᠡᠢ ᠪᠣᠯᠵᠠᠢ᠃ ᠣᠳᠣ ᠲᠡᠭᠡᠭᠡᠳ ᠡᠴᠢᠭᠡ ᠰᠠᠢᠨᠴᠣᠭᠲᠤ ᠨᠢ ᠳᠤᠭᠠᠩ ᠳ᠋ᠤ᠌ ᠬᠡᠷᠡᠭᠯᠡᠭᠳᠡᠬᠦ ᠮᠣᠳᠣ᠂ ᠭᠤᠸᠠᠯᠢᠩ᠂ ᠴᠢᠯᠠᠭᠤ ᠬᠠᠶᠢᠷᠠᠭ ᠢ᠋ ᠰᠠᠷᠯᠤᠭ ᠤ᠋ᠨ ᠱᠠᠷ ᠢ᠋ᠶ᠋ᠠᠷ ᠵᠥᠭᠡᠭᠡᠬᠦ ᠠᠵᠢᠯ ᠳ᠋ᠤ᠌ ᠣᠷᠣᠵᠠᠢ᠃ ᠡᠴᠢᠭᠡ ᠶ᠋ᠢᠨ ᠰᠡᠳᠬᠢᠯ ᠨᠢᠭᠡᠮᠦᠰᠦᠨ ᠰᠡᠷᠭᠦᠨ ᠬᠥᠭᠰᠡᠪᠡ᠃
《ᠡᠬᠡ ᠶ᠋ᠢᠨ ᠳᠤᠷᠠᠰᠬᠠᠯ ᠳ᠋ᠤ᠌ ᠲᠡᠷᠡ ᠰᠦᠮ᠎ᠡ ᠶ᠋ᠢ ᠪᠦᠲᠦᠭᠡᠬᠦ ᠲᠤᠯᠠ ᠲᠠ ᠢᠷᠦᠭᠡᠯ ᠭᠤᠶᠤᠵᠤ ᠰᠦᠮ᠎ᠡ ᠳ᠋ᠦ᠍ ᠮᠠᠩᠵᠠ ᠣᠷᠣᠭᠤᠯᠳᠠᠭ ᠢ᠋ᠶ᠋ᠠᠨ ᠪᠤᠯᠢᠮᠠᠷ ᠪᠠᠢᠨ᠎ᠠ》 ᠭᠡᠵᠦ ᠡᠴᠢᠭᠡ ᠳ᠋ᠦ᠍ ᠪᠡᠨ ᠰᠠᠩᠵᠢ ᠬᠡᠯᠡᠬᠦ ᠳ᠋ᠦ᠍ ᠲᠡᠷᠡ ᠪᠦᠷᠢᠨ ᠰᠠᠨᠠᠯ ᠨᠡᠢᠯᠡᠵᠦ᠂ ᠮᠠᠩᠵᠠ ᠣᠷᠣᠭᠤᠯᠬᠤ ᠪᠠᠨ ᠵᠣᠭᠰᠣᠭᠠᠵᠠᠢ᠃
ᠳ᠋ᠦᠨᠵᠡ ᠪᠤᠶᠤ ᠨᠢᠷᠤᠭᠤ ᠬᠢᠬᠦ ᠮᠣᠳᠣ᠂ ᠱᠣᠩ ᠪᠤᠶᠤ ᠨᠤᠮᠤ᠂ ᠰᠢᠩ ᠪᠤᠶᠤ ᠪᠠᠷᠢᠶ᠎ᠠ᠂ ᠪᠠᠷᠢᠶᠠᠨ ᠤ᠋ ᠳᠡᠪᠢᠰᠬᠡᠷ ᠬᠢᠬᠦ ᠮᠣᠳᠣᠨ ᠤ᠋ ᠬᠡᠮᠵᠢᠶ᠎ᠡ ᠶ᠋ᠢ ᠡᠴᠢᠭᠡ ᠳ᠋ᠦ᠍ ᠪᠡᠨ ᠳᠡᠭᠡᠰᠦᠨ ᠳ᠋ᠦ᠍ ᠵᠠᠩᠭᠢᠯᠠᠭ᠎ᠠ ᠭᠠᠷᠭᠠᠨ ᠪᠠᠷᠢᠮᠵᠢᠶᠠᠯᠠᠵᠤ ᠥᠭᠬᠦ ᠳ᠋ᠦ᠍ ᠰᠠᠢᠨᠴᠣᠭᠲᠤ ᠲᠠᠨᠢᠯ ᠤᠳ ᠲᠠᠢ ᠪᠠᠨ ᠬᠠᠮᠲᠤᠷᠠᠨ ᠬᠠᠪᠢ ᠣᠢᠷ᠎ᠠ ᠶ᠋ᠢᠨ ᠠᠭᠤᠯᠠ ᠪᠠᠷ ᠶᠠᠪᠤᠵᠤ᠂ ᠮᠣᠳᠣ ᠲᠠᠢ ᠡᠩᠭᠡᠷ ᠪᠣᠯᠭᠠᠨ ᠢ᠋ ᠰᠠᠮᠨᠠᠨ ᠬᠠᠢᠵᠤ ᠡᠷᠢᠵᠦ ᠣᠯᠬᠤ ᠠᠵᠢᠯ ᠬᠢᠵᠦ ᠪᠠᠢᠯ᠎ᠠ᠃ ᠰᠦᠵᠢᠭ᠂ ᠬᠦᠰᠡᠯ ᠬᠣᠶᠠᠷ ᠨᠡᠢᠴᠡᠭᠰᠡᠨ ᠪᠠᠢᠵᠠᠢ᠃
ᠳᠤᠭᠠᠩ ᠤ᠋ᠨ ᠰᠠᠭᠤᠷᠢ ᠶ᠋ᠢᠨ ᠭᠠᠵᠠᠷ ᠢ᠋ ᠮᠠᠯᠲᠠᠭᠤᠯᠵᠤ ᠳᠠᠭᠤᠰᠤᠭᠠᠳ ᠨᠠᠢ᠍ᠮᠠᠨ ᠳᠠᠪᠬᠤᠷ ᠪᠣᠯᠤᠭᠰᠠᠨ ᠬᠥᠬᠡ ᠲᠦᠢᠫᠦ᠋ ᠪᠡᠷ ᠰᠠᠭᠤᠷᠢ ᠲᠠᠪᠴᠠᠩ ᠢ᠋ ᠬᠢᠯᠭᠡᠭᠦᠯᠦᠭᠡᠳ ᠬᠠᠨ᠎ᠠ ᠶ᠋ᠢ ᠦᠷᠦᠭᠦᠯᠵᠦ ᠲᠤᠯᠭᠠᠭᠤᠷᠢ ᠰᠠᠭᠤᠷᠢ ᠴᠢᠯᠠᠭᠤ ᠪᠡᠯᠡᠳᠬᠡᠭᠦᠯᠦᠨ ᠪᠠᠭᠠᠨ᠎ᠠ ᠶ᠋ᠢ ᠪᠣᠰᠬᠠᠵᠤ ᠰᠦᠮ᠎ᠡ ᠶ᠋ᠢᠨ ᠡᠬᠢᠨ ᠦ᠌ ᠳᠠᠪᠬᠤᠷᠯᠢᠭ ᠲᠤ᠌ ᠬᠦᠷᠦᠭᠡᠳ ᠪᠠᠢᠯ᠎ᠠ᠃ ᠨᠢᠷᠤᠭᠤ᠂ ᠨᠤᠮᠤ ᠪᠠᠷᠢᠶᠠᠨ ᠤ᠋ ᠮᠣᠳᠣ ᠶᠡᠬᠡᠬᠡᠨ ᠬᠡᠷᠡᠭ ᠲᠡᠢ ᠪᠣᠯᠵᠤ ᠢᠷᠡᠯ᠎ᠡ᠃ ᠡᠴᠢᠭᠡ ᠰᠠᠢᠨᠴᠣᠭᠲᠤ ᠨᠤᠲᠤᠭ ᠤ᠋ᠨ ᠬᠠᠰᠢᠷ ᠣᠳ ᠲᠠᠢ ᠬᠡᠳᠦᠨ ᠰᠠᠷ᠎ᠠ ᠪᠠᠷ ᠡᠷᠢᠨ ᠪᠡᠳᠡᠷᠢᠵᠦ ᠶᠠᠪᠤᠭᠰᠠᠭᠠᠷ ᠨᠡᠯᠢᠶᠡᠳ ᠭᠤᠸᠠᠯᠢᠩ ᠣᠯᠵᠤ ᠢᠷᠡᠭᠰᠡᠨ ᠪᠣᠯᠪᠠᠴᠤ ᠬᠣᠶᠠᠷ ᠭᠤᠷᠪᠠᠨ ᠳ᠋ᠦᠨᠵᠡ᠂ ᠪᠠᠷᠢᠶᠠᠨ ᠤ᠋ ᠮᠣᠳᠣ ᠳᠤᠲᠠᠵᠤ ᠪᠠᠢᠯ᠎ᠠ᠃ ᠣᠢᠷ᠎ᠠ ᠬᠠᠪᠢ ᠳ᠋ᠤ᠌ ᠭᠠᠭᠴᠠᠬᠦ ᠬᠠᠷ᠎ᠠ ᠮᠣᠳᠣ ᠤᠷᠭᠤᠳᠠᠭ ᠪᠣᠯᠬᠣᠷ ᠰᠦᠮ᠎ᠡ ᠶ᠋ᠢᠨ ᠪᠠᠭᠠᠨ᠎ᠠ ᠲᠤᠯᠭᠠᠭᠤᠷᠢ᠂ ᠨᠢᠷᠤᠭᠤ ᠬᠢᠮᠡᠷ ᠮᠣᠳᠣ ᠬᠣᠪᠣᠷ ᠠᠵᠢ᠃ ᠬᠡᠳᠦᠨ ᠥᠷᠲᠡᠭᠡ ᠬᠣᠯᠠ ᠪᠠᠢᠭ᠎ᠠ ᠵᠤᠨ ᠬᠠᠷᠭᠠᠢᠲᠤ ᠶ᠋ᠢᠨ ᠨᠢᠷᠤᠭᠤᠨ ᠳ᠋ᠤ᠌ ᠴᠥᠭᠡᠨ ᠰᠠᠢᠬᠠᠨ ᠬᠠᠷ᠎ᠠ ᠮᠣᠳᠣ ᠤᠷᠭᠤᠵᠤ ᠪᠠᠢᠭ᠎ᠠ ᠲᠤᠬᠠᠢ ᠣᠯᠵᠤ ᠰᠣᠨᠣᠰᠤᠭᠠᠳ ᠡᠴᠢᠭᠡ ᠳ᠋ᠦ᠍ ᠪᠡᠨ ᠬᠡᠯᠡᠭᠰᠡᠨ ᠳ᠋ᠦ᠍ ᠲᠡᠷᠡ ᠶᠠᠪᠤᠬᠤ ᠪᠠᠷ ᠪᠣᠯᠪᠠ᠃ ᠡᠴᠢᠭᠡ ᠨᠢ ᠶᠠᠪᠤᠬᠤ ᠶ᠋ᠢᠨ ᠢ᠋ᠶ᠋ᠡᠨ ᠡᠮᠦᠨ᠎ᠡ ᠬᠦᠦ ᠪᠡᠨ ᠡᠵᠡᠭᠦᠢ ᠭᠠᠵᠠᠷ ᠲᠣᠰᠴᠤ ᠠᠭᠤᠯᠵᠠᠭᠠᠳ᠂
- ᠵᠠ ᠠᠪᠤ ᠨᠢ ᠵᠤᠨ ᠬᠠᠷᠭᠠᠢᠳᠤ ᠤᠷᠤᠭᠤ ᠶᠠᠪᠤᠵᠤ ᠵᠠᠬᠢᠭᠰᠠᠨ ᠮᠣᠳᠣ ᠶ᠋ᠢ ᠴᠢᠨᠢ ᠵᠠᠪᠠᠯ ᠣᠯᠵᠤ ᠢᠷᠡᠨ᠎ᠡ ᠁ ᠭᠡᠵᠦ ᠬᠡᠯᠡᠭᠰᠡᠨ ᠢ᠋ᠶ᠋ᠡᠨ ᠲᠦᠷ ᠲᠡᠭᠡᠨᠡᠭᠡᠯᠵᠡᠵᠦ ᠲᠦᠭᠳᠡᠷᠡᠨ ᠳᠤᠭᠤᠢ ᠪᠣᠯᠤᠯ᠎ᠠ᠃ ᠰᠠᠩᠵᠢ ᠭᠠᠢᠬᠠᠵᠤ᠂
- ᠠᠪᠤ ᠲᠠ ᠥᠭᠡᠷ᠎ᠡ ᠶᠠᠭᠤ ᠬᠡᠯᠡᠬᠦ ᠬᠡ ᠪᠣᠢ? ᠭᠡᠵᠦ ᠠᠰᠠᠭᠤᠪᠠᠯ᠂
- ᠬᠦᠦ ᠮᠢᠨᠢ ᠪᠣᠯᠭᠣᠮᠵᠢᠲᠠᠢ ᠪᠠᠢᠭᠠᠷᠠᠢ᠃ ᠴᠢᠨᠦ ᠲᠤᠬᠠᠢ ᠡᠯᠳᠡᠪ ᠦ᠋ᠨ ᠮᠠᠭᠤᠬᠠᠢ ᠴᠤᠤ ᠦᠭᠡ ᠲᠠᠷᠬᠠᠭᠠᠳᠠᠭ ᠤᠯᠤᠰ ᠭᠠᠷᠴᠠᠢ᠃ ᠲᠡᠳᠡ ᠬᠦᠦ ᠴᠢᠮ᠎ᠠ ᠳ᠋ᠤ᠌ ᠮᠢᠨᠢ ᠠᠲᠠᠭᠠᠷᠬᠠᠭᠠᠳ ᠯᠠ ᠲᠡᠭᠡᠵᠦ ᠪᠠᠢᠭ᠎ᠠ ᠪᠢᠵᠡ ᠳᠡ᠃ ᠮᠢᠨᠦ ᠬᠦᠦ ᠰᠢᠭ ᠠᠷᠢᠭᠤᠨ ᠰᠠᠨᠸᠠᠷᠲᠠᠨ ᠢ᠋ ᠶᠠᠭᠤ ᠴᠤ᠌ ᠭᠤᠲᠤᠭᠠᠵᠤ ᠴᠢᠳᠠᠬᠤ ᠦᠭᠡᠢ ᠁ ᠯᠡ ᠳᠡ ᠭᠡᠵᠦ ᠡᠴᠢᠭᠡ ᠨᠢ ᠰᠢᠪᠡᠨᠡᠨ ᠬᠡᠯᠡᠪᠡ᠃ ᠰᠠᠩᠵᠢ ᠲᠡᠭᠦᠨ ᠳ᠋ᠦ᠍ ᠴᠣᠴᠢᠵᠤ᠂
- ᠠᠪᠤ ᠲᠠ ᠶᠠᠭᠤ ᠶᠠᠷᠢᠵᠤ ᠪᠠᠢᠨ᠎ᠠ? ᠶᠠᠭᠤᠨ ᠴᠤᠤ ᠦᠭᠡ? ᠭᠡᠪᠡᠯ
- ᠪᠢ ᠲᠡᠷᠡ ᠦᠭᠡ ᠶ᠋ᠢ ᠱᠠᠯ ᠬᠤᠳᠠᠯ ᠵᠦᠢᠯ ᠭᠡᠳᠡᠭ ᠢ᠋ ᠮᠡᠳᠡᠵᠦ ᠪᠠᠢᠨ᠎ᠠ᠃ ᠬᠠᠷᠢᠨ ᠬᠡᠨ ᠲᠡᠢᠮᠦ ᠶᠠᠭᠤᠮ᠎ᠠ ᠶᠠᠷᠢᠵᠤ ᠶᠠᠪᠤᠳᠠᠭ ᠢ᠋ ᠨᠢ ᠬᠦᠦ ᠳ᠋ᠦ᠍ ᠪᠡᠨ ᠬᠡᠯᠡᠵᠦ ᠰᠠᠨᠠᠭ᠎ᠠ ᠠᠮᠤᠷᠠᠬᠤ ᠭᠡᠰᠡᠨ ᠶᠦ᠍ᠮ᠃ ᠲᠠᠨ ᠤ᠋ ᠬᠡᠢᠳ ᠦ᠋ᠨ ᠳᠡᠮᠴᠦᠭ ᠭᠠᠪᠵᠤ ᠯᠠ ᠡᠯᠳᠡᠪ ᠶᠠᠷᠢᠶ᠎ᠠ ᠲᠠᠷᠠᠭᠠᠳᠠᠭ ᠪᠣᠯᠤᠯᠲᠠᠢ᠃ ᠣᠳᠣ ᠪᠢ ᠳᠡᠷᠡᠨ ᠦ᠌ ᠬᠠᠮᠤᠭ ᠮᠠᠭᠤ ᠰᠠᠨᠠᠭ᠎ᠠ ᠶ᠋ᠢ ᠤᠬᠠᠭᠠᠷᠠᠯ᠎ᠠ᠃ ᠮᠤᠩᠬᠠᠭ ᠪᠣᠯᠬᠣᠷ ᠨᠠᠰᠤᠨ ᠲᠤᠷᠰᠢᠲᠠ ᠪᠠᠨ ᠤᠬᠠᠭᠠᠷᠠᠭᠰᠠᠨ ᠦᠭᠡᠢ ᠶᠠᠪᠤᠵᠠᠢ᠃ ᠰᠠᠢᠬᠠᠨ ᠪᠣᠯᠲᠠᠯ᠎ᠠ ᠳᠡᠮᠴᠦᠭ ᠭᠠᠪᠵᠢ ᠶ᠋ᠢ ᠪᠢ ᠰᠢᠲᠦᠵᠦ ᠯᠡ ᠶᠠᠪᠤᠯ᠎ᠠ᠃ ᠣᠳᠣ ᠪᠣᠯ ᠨᠠᠳᠠ ᠳ᠋ᠤ᠌ ᠰᠢᠲᠦᠵᠦ ᠶᠠᠪᠤᠬᠤ ᠬᠦᠦ ᠮᠢᠨᠢ ᠪᠠᠢᠨ᠎ᠠ᠃ ᠭᠡᠬᠦ ᠳ᠋ᠦ᠍ ᠪᠡᠨ ᠴᠢᠮ᠎ᠠ ᠠ᠋ᠴᠠ ᠪᠣᠯᠤᠭᠠᠳ ᠪᠢ ᠲᠡᠷᠡ ᠭᠠᠪᠵᠢ ᠶ᠋ᠢ ᠮᠠᠭᠤᠯᠠᠵᠤ ᠪᠠᠢᠭ᠎ᠠ ᠶᠤᠮ ᠪᠢᠰᠢ᠃ ᠲᠡᠭᠦᠨ ᠦ᠌ ᠲᠠᠷᠠᠭᠠᠭᠰᠠᠨ ᠴᠤᠤᠷᠬᠠᠯ ᠠ᠋ᠴᠠ ᠪᠣᠯᠤᠭᠠᠳ ᠶᠡᠬᠡ ᠣᠯᠠᠨ ᠶᠠᠭᠤᠮ᠎ᠠ ᠡᠷᠭᠢᠴᠡᠭᠦᠯᠦᠨ ᠪᠣᠳᠣᠯ᠎ᠠ᠃ ᠵᠠᠯᠠᠭᠤ ᠳ᠋ᠤ᠌ ᠪᠠᠨ ᠳᠡᠮᠴᠦᠭ ᠭᠠᠪᠵᠤ ᠬᠥᠭᠡᠷᠦᠬᠦᠢ ᠮᠠᠭᠤ ᠲᠠᠯᠢᠢᠭᠠᠴᠢ ᠡᠵᠢ ᠶ᠋ᠢ ᠴᠢᠨᠢ ᠭᠣᠮᠣᠳᠠᠭᠠᠭᠰᠠᠨ ᠶᠤᠮ ᠭᠡᠨ᠎ᠡ ᠯᠠᠢ᠃ ᠳᠡᠷᠡᠨ ᠦ᠌ ᠨᠢ ᠬᠥᠭ ᠢ᠋ ᠡᠵᠢ ᠴᠢᠨᠢ ᠠᠮᠠ ᠬᠡᠯᠡ ᠲᠡᠢ ᠬᠥᠮᠦᠨ ᠪᠣᠯᠬᠣᠷ ᠢ᠋ᠶ᠋ᠠᠨ ᠪᠠᠭᠰᠢ ᠳ᠋ᠤ᠌ ᠨᠢ ᠶᠠᠷᠢᠴᠢᠬᠠᠭᠰᠠᠨ ᠠ᠋ᠴᠠ ᠪᠣᠯᠵᠤ ᠡᠪ ᠦᠭᠡᠢᠬᠡᠨ ᠯᠡ ᠪᠤᠯᠵᠠᠭᠠᠭᠰᠠᠨ᠃ ᠲᠡᠷᠡ ᠴᠦ᠍ ᠶᠡᠬᠡ ᠤᠷᠢᠳᠤ ᠶ᠋ᠢᠨ ᠶᠠᠭᠤᠮ᠎ᠠ ᠯᠠ ᠳᠠ᠃ ᠲᠡᠭᠡᠭᠡᠳ ᠰᠠᠶᠢ ᠡᠬᠡ ᠶ᠋ᠢ ᠴᠢᠨᠢ ᠲᠠᠯᠢᠢᠭᠠᠴᠢ ᠪᠣᠯᠬᠤ ᠳ᠋ᠤ᠌ ᠲᠤᠰᠠ ᠬᠦᠷᠭᠡᠭᠰᠡᠨ ᠨᠡᠷ᠎ᠡ ᠲᠡᠢ ᠦᠯᠡᠳᠡᠬᠦ ᠪᠡᠷ ᠬᠢᠴᠢᠶᠡᠭᠰᠡᠨ ᠢ᠋ ᠨᠢ ᠲᠡᠨᠡᠭ ᠲᠣᠯᠣᠭᠠᠢ ᠪᠢ ᠭᠠᠳᠠᠷᠯᠠᠭᠰᠠᠨ ᠦᠭᠡᠢ᠃ 《ᠬᠡᠯᠡ ᠪᠡᠨ ᠵᠦᠰᠦᠭᠦᠯᠬᠦ ᠵᠣᠪᠠᠯᠠᠩ ᠳ᠋ᠤ᠌ ᠲᠠᠮᠤ ᠠ᠋ᠴᠠ ᠪᠣᠯᠭᠣᠮᠵᠢᠯᠠᠬᠤ ᠪᠦᠬᠦᠨ ᠢ᠋ ᠬᠢ》ᠭᠡᠵᠦ ᠠᠢᠯᠠᠳᠤᠭᠰᠠᠨ ᠢ᠋ ᠨᠢ ᠴᠠᠭᠠᠭᠤᠷ ᠪᠣᠳᠣᠵᠤ ᠦᠵᠡᠭᠰᠡᠨ ᠦᠭᠡᠢ᠃ ᠨᠠᠭᠠᠭᠤᠷ ᠪᠣᠳᠣᠭᠠᠳ ᠯᠠ ᠬᠡᠦᠬᠡᠳ ᠰᠢᠭ ᠢᠲᠡᠭᠡᠭᠡᠳ ᠶᠠᠪᠤᠭᠰᠠᠨ᠃ ᠲᠡᠭᠡᠬᠦᠯᠡᠷ ᠯᠠᠮᠠ ᠪᠠᠭᠰᠢ ᠶ᠋ᠢ ᠪᠡᠨ ᠮᠠᠭᠤᠯᠠᠳᠠᠭ ᠬᠡᠯᠡᠨ ᠦ᠌ ᠨᠢᠭᠦᠯ ᠬᠢᠭᠰᠡᠨ ᠬᠥᠮᠦᠨ ᠭᠡᠵᠦ ᠡᠷᠲᠡ ᠵᠠᠯᠠᠭᠤ ᠶ᠋ᠢᠨ ᠢ᠋ᠶ᠋ᠡᠨ ᠦᠰ ᠢ᠋ ᠰᠠᠨᠠᠵᠤ᠂ ᠥᠪᠡᠷ ᠢ᠋ ᠪᠡᠨ ᠴᠠᠭᠠᠳᠬᠠᠵᠤ᠂ ᠲᠡᠭᠦᠨ ᠢ᠋ ᠮᠠᠨᠢ ᠮᠠᠭᠤᠯᠠᠵᠤ ᠬᠡᠯᠡᠭᠰᠡᠨ ᠤᠴᠢᠷᠲᠠᠢ ᠦᠭᠡ ᠪᠠᠢᠵᠠᠢ᠃ ᠲᠠᠯᠢᠢᠭᠠᠴᠢ ᠪᠣᠯᠴᠢᠬᠠᠭᠰᠠᠨ ᠬᠣᠢᠨ᠎ᠠ ᠨᠢ ᠴᠦ᠍ ᠲᠡᠢᠮᠦ ᠨᠡᠷ᠎ᠡ ᠵᠡᠭᠦᠯᠭᠡᠭᠡᠳ ᠶᠠᠭᠠᠬᠢᠨ᠎ᠠ ᠪᠣᠢ ᠳᠠ ᠲᠡᠷᠡ! ᠭᠡᠵᠦ ᠡᠴᠢᠭᠡ ᠨᠢ ᠴᠢᠬᠤᠯᠳᠠᠨ ᠬᠡᠯᠡᠵᠦ ᠰᠢᠨᠠᠨ ᠤ᠋ ᠪᠠᠨ ᠰᠤᠳᠠᠰᠤ ᠶ᠋ᠢ ᠭᠦᠷᠡᠯᠵᠡᠭᠦᠯᠦᠨ ᠲᠦᠷ ᠳᠠᠭᠤ ᠦᠭᠡᠢ ᠪᠣᠯᠤᠭᠰᠠᠨ ᠢ᠋ᠶ᠋ᠠᠨ᠂
- ᠲᠡᠭᠡᠭᠡᠳ ᠵᠣᠭᠰᠣᠭᠰᠠᠨ ᠪᠣᠯ ᠴᠤ᠌ ᠶᠠᠭᠠᠬᠢᠬᠤ ᠪᠣᠢ᠃ ᠬᠦᠦ ᠶ᠋ᠢ ᠮᠢᠨᠢ ᠪᠠᠰᠠ ᠭᠤᠲᠤᠭᠠᠬᠤ ᠰᠠᠨᠠᠭ᠎ᠠ ᠠᠭᠤᠯᠵᠤ ᠶᠠᠪᠤᠳᠠᠭ ᠪᠣᠯᠤᠯᠲᠠᠢ᠃ ᠵᠠ ᠡᠢᠮᠦ ᠬᠥᠮᠦᠨ ᠡᠴᠡ ᠪᠣᠯᠭᠣᠮᠵᠢᠯᠠᠵᠤ ᠶᠠᠪᠤᠭᠠᠷᠠᠢ ᠬᠦᠦ ᠮᠢᠨᠢ ᠭᠡᠵᠦ ᠬᠡᠯᠡᠭᠡᠳ ᠡᠴᠢᠭᠡ ᠨᠢ ᠬᠣᠯᠠᠳᠠᠨ ᠣᠳᠬᠤ ᠶ᠋ᠢ ᠵᠠᠪᠳᠤᠪᠠ᠃ ᠲᠡᠭᠦᠨ ᠦ᠌ ᠶᠠᠷᠢᠶᠠᠨ ᠳ᠋ᠤ᠌ ᠪᠤᠬᠢᠨᠢᠳᠤᠨ ᠳᠣᠩᠰᠣᠯᠤᠭᠰᠠᠨ ᠰᠠᠩᠵᠢ᠂
- ᠨᠠᠮᠠᠶ᠋ᠢ ᠶᠠᠭᠤ ᠭᠡᠵᠦ ᠶᠠᠷᠢᠭ᠎ᠠ ᠶᠤᠮ ᠪᠣᠯ? ᠭᠡᠵᠦ ᠠᠰᠠᠭᠤᠪᠠ᠃
- ᠲᠡᠢᠮᠦ ᠦᠭᠡ ᠶ᠋ᠢ ᠡᠴᠢᠭᠡ ᠨᠢ ᠳᠠᠪᠲᠠᠨ ᠬᠡᠯᠡᠬᠦ ᠠᠷᠭ᠎ᠠ ᠠᠯᠠᠭ᠎ᠠ᠃ ᠨᠢᠭᠦᠯ ᠠᠯᠳᠠᠰ ᠪᠣᠯᠤᠨ᠎ᠠ᠃ ᠪᠢ ᠲᠥᠷᠥᠭᠰᠡᠨ ᠡᠴᠢᠭᠡ ᠨᠢ ᠪᠣᠯᠬᠣᠷ ᠬᠦᠦ ᠪᠡᠨ ᠲᠡᠢᠮᠦ ᠶᠠᠭᠤᠮ᠎ᠠ ᠬᠢᠭᠡ ᠦᠭᠡᠢ ᠭᠡᠳᠡᠭ ᠲᠦ᠍ ᠶᠠᠰᠤᠨ ᠳ᠋ᠤ᠌ ᠪᠠᠨ ᠢᠲᠡᠭᠡᠵᠦ ᠶᠠᠪᠤᠨ᠎ᠠ᠃ ᠥᠭᠡᠷ᠎ᠡ ᠬᠥᠮᠦᠰ᠂ ᠬᠠᠷ᠎ᠠ ᠡᠯᠢᠭᠡᠳᠡᠨ ᠳ᠋ᠦ᠍ ᠪᠣᠯ ᠲᠡᠢᠮᠦ ᠦᠭᠡ ᠶᠠᠭᠤᠮ᠎ᠠ ᠪᠣᠳᠣᠭᠳᠠᠭᠤᠯᠵᠤ ᠮᠡᠳᠡᠬᠦ ᠯᠡ ᠪᠠᠢᠬ᠎ᠠ᠃ ᠪᠢ ᠪᠣᠯ ᠶᠠᠭᠠᠬᠢᠭᠠᠳ ᠴᠤ᠌ ᠢᠲᠡᠭᠡᠬᠦ ᠦᠭᠡᠢ᠃ ᠵᠠ ᠬᠦᠦ ᠮᠢᠨᠢ ᠰᠠᠨᠠᠵᠤ ᠶᠠᠪᠤᠭᠠᠷᠠᠢ᠃ ᠠᠪᠤ ᠨᠢ ᠲᠡᠷᠡ ᠵᠠᠬᠢᠭᠰᠠᠨ ᠮᠣᠳᠣ ᠶ᠋ᠢ ᠴᠢᠨᠢ ᠵᠠᠪᠠᠯ ᠣᠯᠵᠤ ᠢᠷᠡᠨ᠎ᠡ ᠭᠡᠵᠦ ᠬᠡᠯᠡᠭᠡᠳ ᠡᠴᠢᠭᠡ ᠨᠢ ᠮᠣᠷᠢᠨ ᠳ᠋ᠤ᠌ ᠪᠠᠨ ᠮᠣᠷᠳᠠᠵᠤ ᠱᠣᠭᠰᠢᠭᠤᠯᠤᠯ᠎ᠠ᠃
《ᠶᠠᠭᠤ ᠭᠡᠵᠦ ᠴᠤᠤᠷᠬᠠᠳᠠᠭ ᠶᠤᠮ ᠪᠣᠯ ᠠ᠋?》ᠭᠡᠵᠦ ᠰᠠᠩᠵᠢᠳᠠᠯᠪᠢᠴᠣᠢᠵᠠᠮᠰᠤᠲᠠᠨ ᠡᠷᠭᠢᠴᠡᠭᠦᠯᠦᠨ ᠪᠣᠳᠣᠯ᠎ᠠ᠃ ᠭᠡᠪᠡᠴᠦ ᠲᠣᠢᠮᠣ ᠲᠠᠢ ᠬᠠᠷᠢᠭᠤ ᠣᠯᠤᠭᠰᠠᠨ ᠦᠭᠡᠢ᠃《ᠡᠬᠡ ᠶ᠋ᠢᠨ ᠢ᠋ᠶ᠋ᠡᠨ ᠳᠤᠷᠠᠰᠬᠠᠯ ᠳ᠋ᠤ᠌ ᠵᠣᠷᠢᠭᠤᠯᠵᠤ ᠳᠤᠭᠠᠩ ᠪᠠᠷᠢᠭᠤᠯᠵᠤ ᠪᠠᠢᠨ᠎ᠠ ᠭᠡᠵᠦ ᠴᠤᠤᠷᠬᠠᠭᠰᠠᠨ ᠶᠤᠮ ᠪᠢᠰᠢ ᠪᠠᠢᠭ᠎ᠠ᠃ ᠪᠢ ᠲᠡᠢᠮᠦ ᠶᠠᠭᠤᠮ᠎ᠠ ᠪᠣᠳᠣᠵᠤ ᠪᠠᠢᠭᠰᠠᠨ ᠴᠤ᠌ ᠭᠡᠰᠡᠨ ᠬᠡᠯᠡᠵᠦ ᠦᠵᠡᠭᠡ ᠦᠭᠡᠢ ᠰᠢᠭ ᠪᠢᠯᠡ᠃ ᠡᠴᠢᠭᠡ ᠳ᠋ᠦ᠍ ᠪᠣᠯ ᠶᠠᠭᠠᠬᠢᠬᠤ ᠪᠣᠢ ᠳᠤᠷᠠᠰᠤᠭᠰᠠᠨ᠃ ᠲᠡᠭᠡᠬᠦ ᠳ᠋ᠦ᠍ ᠪᠡᠨ ᠪᠤᠰᠤᠳ ᠲᠤ᠌ ᠪᠢᠲᠡᠭᠡᠢ ᠳᠣᠭᠣᠯᠭᠠᠭᠠᠷᠠᠢ ᠭᠡᠵᠦ ᠰᠠᠢᠨ ᠵᠠᠬᠢᠭᠰᠠᠨ᠃ ᠡᠴᠢᠭᠡ ᠲᠡᠢᠮᠦ ᠦᠭᠡ ᠠᠯᠳᠠᠬᠤ ᠪᠠᠷ ᠬᠥᠮᠦᠨ ᠪᠢᠰᠢ᠃ ᠬᠣᠭᠣᠰᠣᠨ ᠢᠷᠦᠭᠡᠯ ᠬᠡᠳᠦᠨ ᠲᠦᠮᠡ ᠤᠩᠰᠢᠭᠤᠯᠤᠭᠠᠳ ᠴᠤ᠌ ᠨᠡᠮᠡᠷᠢ ᠦᠭᠡᠢ᠃ ᠬᠠᠷᠢᠨ ᠨᠢᠭᠡ ᠰᠠᠢᠬᠠᠨ ᠰᠦᠮ᠎ᠡ ᠪᠠᠷᠢᠭᠤᠯᠴᠢᠬᠠᠪᠠᠯ ᠡᠬᠡ ᠪᠡᠨ ᠳᠤᠷᠠᠰᠬᠤ ᠶᠤᠮ ᠲᠡᠷᠡ ᠪᠣᠯᠤᠨ᠎ᠠ ᠭᠡᠵᠦ ᠯᠡ ᠡᠴᠢᠭᠡ ᠳ᠋ᠦ᠍ ᠶᠠᠷᠢᠭᠰᠠᠨ᠃ ᠢᠩᠭᠢᠵᠦ ᠪᠠᠢᠨ᠎ᠠ ᠭᠡᠵᠦ ᠴᠤᠤᠷᠬᠠᠳᠠᠭ ᠶᠤᠮ ᠭᠡᠯᠡ ᠭᠡᠬᠦ ᠳ᠋ᠦ᠍ ᠡᠴᠢᠭᠡ ᠳ᠋ᠦ᠍ ᠲᠡᠷᠡ ᠮᠠᠭᠤᠬᠠᠢ ᠰᠠᠨᠠᠭᠳᠠᠬᠤ ᠶᠣᠰᠣ ᠦᠭᠡᠢ ᠪᠢᠵᠡ ᠳᠡ᠃ ᠥᠭᠡᠷ᠎ᠡ ᠶᠠᠭᠤ ᠴᠤᠤᠷᠬᠠᠬᠤ ᠪᠢᠯᠡ?᠁》 ᠭᠡᠵᠦ ᠰᠠᠨᠵᠢ ᠪᠣᠳᠣᠭᠰᠠᠭᠠᠷ ᠭᠡᠷ ᠲᠦ᠍ ᠪᠡᠨ ᠬᠠᠷᠢᠬᠤ ᠪᠠᠷ ᠶᠠᠪᠤᠯ᠎ᠠ᠃ ᠱᠣᠷᠠᠭᠠᠭ ᠬᠠᠰᠢᠶ᠎ᠠ ᠲᠠᠢ ᠮᠣᠳᠣᠨ ᠪᠠᠢᠰᠢᠩ ᠲᠠᠢ᠂ ᠵᠢᠵᠢᠭ ᠭᠡᠷ ᠲᠡᠢ ᠪᠣᠯᠵᠤ ᠪᠤᠶᠠᠨᠵᠠᠯᠪᠠᠷᠢᠬᠤ ᠬᠡᠢᠳ ᠦ᠋ᠨ ᠪᠠᠷᠠᠭᠤᠨ ᠬᠣᠷᠣᠭᠠᠨ ᠳ᠋ᠤ᠌ ᠲᠡᠷᠡ ᠠᠮᠢᠳᠤᠷᠠᠳᠠᠭ ᠪᠠᠢᠯ᠎ᠠ᠃ ᠭᠡᠷ ᠦ᠋ᠨ ᠬᠢ ᠨᠢ ᠬᠠᠰᠢᠶᠠᠨ ᠤ᠋ ᠡᠭᠦᠳᠡᠨ ᠳ᠋ᠦ᠍ ᠮᠣᠳᠣᠨ ᠰᠠᠨᠳᠠᠯᠢ ᠳᠡᠭᠡᠷ᠎ᠡ ᠨᠢᠭᠡ ᠬᠥᠮᠦᠨ ᠰᠠᠭᠤᠵᠤ ᠪᠠᠢᠬᠤ ᠶ᠋ᠢ ᠲᠡᠷᠡ ᠬᠣᠯᠠ ᠠ᠋ᠴᠠ ᠬᠠᠷᠠᠭᠠᠳ ᠭᠠᠢᠬᠠᠯ᠎ᠠ᠃ ᠮᠣᠷᠢ ᠪᠠᠨ ᠬᠠᠰᠢᠶᠠᠨ ᠤ᠋ ᠱᠤᠷᠭᠠᠭᠠᠨ ᠠ᠋ᠴᠠ ᠤᠶᠠᠵᠠᠢ᠃ ᠬᠡᠨ ᠢᠷᠡᠭᠡᠳ ᠬᠦᠯᠢᠶᠡᠵᠦ ᠪᠠᠢᠭ᠎ᠠ ᠶ᠋ᠢ ᠨᠢ ᠡᠬᠢᠯᠡᠭᠡᠳ ᠭᠠᠳᠠᠷᠯᠠᠭᠰᠠᠨ ᠦᠭᠡᠢ᠃ ᠣᠢᠷᠠᠳᠤᠨ ᠢᠷᠡᠮᠡᠭᠴᠡ ᠲᠠᠨᠢᠵᠤ᠂ ᠵᠢᠷᠦᠬᠡ ᠨᠢ ᠲᠦᠭ ᠲᠦᠭ ᠴᠣᠬᠢᠯᠠᠪᠠ᠃ ᠤᠳᠬᠤᠨ ᠬᠡᠦᠬᠡᠨ ᠢᠷᠡᠭᠡᠳ ᠬᠦᠯᠢᠶᠡᠵᠦ ᠪᠠᠢᠵᠠᠢ᠃ 《ᠮᠠᠨ ᠤ᠋ ᠳ᠋ᠤ᠌ ᠢᠯᠡᠷᠬᠡᠢ ᠪᠡᠷ ᠢᠷᠡᠵᠦ ᠶᠠᠭᠠᠬᠢᠬᠤ ᠭᠡᠰᠡᠨ ᠪᠣᠯ ᠠ᠋? ᠣᠯᠠᠨ ᠤ᠋ ᠨᠢᠳᠦᠨ ᠳ᠋ᠦ᠍ ᠥᠷᠲᠥᠬᠦ ᠨᠢ ᠳᠡ!》 ᠭᠡᠵᠦ ᠰᠠᠩᠵᠢ ᠪᠣᠳᠣᠮᠠᠭᠴᠠ ᠡᠴᠢᠭᠡ ᠶ᠋ᠢᠨ ᠰᠢᠭᠤᠳ ᠶᠠᠷᠢᠵᠤ ᠴᠢᠳᠠᠬᠤ ᠦᠭᠡᠢ ᠪᠢᠲᠡᠭᠦᠦ ᠰᠠᠨᠠᠭᠤᠯᠤᠭᠠᠳ ᠪᠠᠢᠭᠰᠠᠨ ᠬᠡᠯᠡ ᠠᠮᠠ᠂ ᠴᠤᠤ ᠦᠭᠡᠨ ᠦ᠌ ᠰᠡᠳᠦᠪ ᠨᠢ ᠣᠳᠬᠣᠨ ᠬᠡᠦᠬᠡᠨ ᠪᠣᠯᠤᠭᠰᠠᠨ ᠶᠤᠮ ᠤᠤ ᠭᠡᠵᠦ ᠰᠡᠵᠢᠭᠯᠡᠬᠦ ᠰᠠᠨᠠᠭ᠎ᠠ ᠭᠡᠨᠡᠳᠲᠡ ᠲᠥᠷᠥᠯ᠎ᠡ᠃ ᠬᠡᠨ ᠳ᠋ᠦ᠍ ᠴᠦ᠍ ᠰᠡᠪᠲᠦᠭᠡ ᠠᠪᠬᠠᠭᠤᠯᠬᠤ ᠦᠭᠡᠢ ᠪᠡᠷ ᠣᠳᠬᠣᠨ ᠬᠡᠦᠬᠡᠨ ᠦ᠌ ᠳ᠋ᠦ᠍ ᠳᠥᠷᠪᠡ ᠲᠠᠪᠤᠨ ᠤᠳᠠᠭ᠎ᠠ ᠣᠴᠢᠭᠰᠠᠨ ᠢ᠋ᠶ᠋ᠠᠨ ᠰᠠᠨᠠᠯ᠎ᠠ᠃ ᠮᠡᠳᠡᠵᠦ᠂ ᠰᠡᠵᠢᠭᠯᠡᠭᠰᠡᠨ ᠬᠥᠮᠦᠨ ᠨᠢᠭᠡ ᠴᠦ᠍ ᠭᠠᠷᠬᠤ ᠤᠴᠢᠷ ᠦᠭᠡᠢ ᠭᠡᠳᠡᠭ ᠲᠦ᠍ ᠰᠠᠩᠵᠢ ᠪᠦᠷᠢᠨ ᠢᠲᠡᠭᠡᠯᠲᠡᠢ ᠪᠠᠢᠯ᠎ᠠ᠃ ᠣᠳᠬᠣᠨ ᠬᠡᠦᠬᠡᠨ ᠪᠠᠶᠠᠷ ᠪᠠᠶᠠᠰᠬᠤᠯᠠᠩ ᠢ᠋ᠶ᠋ᠠᠷ ᠳᠦᠭᠦᠷᠡᠩ ᠣᠭᠲᠣ ᠥᠭᠡᠷ᠎ᠡ ᠬᠥᠮᠦᠨ ᠪᠣᠯᠴᠢᠬᠠᠭᠰᠠᠨ ᠶᠤᠮ ᠰᠢᠭ᠋ ᠣᠨᠴᠠᠭᠠᠢ ᠴᠢᠷᠠᠢ ᠪᠠᠷ ᠰᠠᠩᠵᠢ ᠶ᠋ᠢ ᠤᠭᠲᠤᠨ ᠲᠣᠰᠴᠤ ᠵᠣᠭᠰᠣᠬᠤ ᠶ᠋ᠢ ᠬᠠᠷᠠᠬᠤ ᠳ᠋ᠤ᠌ ᠪᠠᠨ ᠵᠠᠯᠠᠭᠤᠬᠠᠨ ᠬᠠᠮᠪᠤ ᠶ᠋ᠢᠨ ᠴᠢᠷᠠᠢ ᠤᠯᠠᠰᠬᠢᠵᠦ᠂ ᠡᠪ ᠦᠭᠡᠢᠷᠬᠡᠯᠡ᠃
- ᠰᠠᠢᠨ ᠪᠠᠢᠨ᠎ᠠ ᠤᠤ᠂ ᠲᠠ᠃ ᠪᠢ ᠲᠠᠨ ᠠ᠋ᠴᠠ ᠡᠮ ᠳᠠᠩ ᠵᠠᠯᠠᠬᠤ ᠭᠡᠵᠦ ᠢᠷᠡᠯ᠎ᠡ ᠭᠡᠵᠦ ᠣᠳᠬᠣᠨ ᠬᠡᠯᠡᠬᠦ ᠳ᠋ᠦ᠍ ᠨᠢ ᠰᠠᠩᠵᠢ ᠬᠠᠷᠢᠭᠤ ᠮᠡᠨᠳᠦᠯᠡᠭᠡᠳ ᠬᠠᠰᠢᠶᠠᠨ ᠤ᠋ ᠪᠠᠨ ᠬᠠᠭᠠᠯᠭ᠎ᠠ ᠶ᠋ᠢ ᠨᠡᠭᠡᠭᠡᠵᠦ᠂ ᠣᠳᠬᠣᠨ ᠢ᠋ ᠳᠠᠭᠠᠭᠤᠯᠤᠨ ᠭᠡᠷ ᠲᠦ᠍ ᠪᠡᠨ ᠣᠷᠣᠯ᠎ᠠ᠃ ᠡᠭᠦᠳᠡ ᠪᠡᠷ ᠳᠥᠩᠭᠡᠵᠢ ᠠᠯᠬᠤᠨ ᠣᠷᠣᠮᠠᠭᠴᠠ ᠣᠳᠬᠣᠨ ᠪᠠᠶᠠᠷ ᠬᠥᠷ ᠢ᠋ᠶ᠋ᠡᠨ ᠪᠠᠷᠢᠵᠤ ᠴᠢᠳᠠᠭᠰᠠᠨ ᠦᠭᠡᠢ ᠤᠬᠤᠰᠬᠢᠨ ᠰᠠᠩᠵᠢ ᠶ᠋ᠢ ᠬᠦᠵᠦᠭᠦᠳᠡᠨ ᠲᠡᠪᠡᠷᠢᠵᠦ ᠠᠪᠬᠤ ᠳ᠋ᠤ᠌ ᠨᠢ ᠲᠡᠷᠡ ᠨᠡᠯᠢᠶᠡᠳ ᠢᠴᠢᠩᠭᠦᠷᠡᠵᠦ ᠭᠡᠷ ᠦ᠋ᠨ ᠢ᠋ᠶ᠋ᠡᠨ ᠬᠠᠭᠠᠯᠭ᠎ᠠ ᠶ᠋ᠢ ᠳᠣᠲᠣᠷ᠎ᠠ ᠠ᠋ᠴᠠ ᠨᠢ ᠣᠨᠢᠰᠤᠯᠠᠪᠠ᠃
- ᠪᠢ ᠴᠢᠮ᠎ᠠ ᠳ᠋ᠤ᠌ ᠪᠠᠨ ᠭᠢᠯᠠᠢᠯ᠎ᠠ᠂ ᠭᠢᠯᠠᠢᠯ᠎ᠠ! ᠭᠡᠵᠦ ᠣᠳᠬᠣᠨ ᠰᠢᠪᠡᠭᠡᠨᠡᠭᠡᠳ ᠶᠠᠭᠠᠬᠢᠬᠤ ᠶ᠋ᠢᠨ ᠵᠠᠭᠤᠷ᠎ᠠ ᠦᠭᠡᠢ ᠰᠠᠨᠵᠢ ᠶ᠋ᠢᠨ ᠬᠠᠴᠠᠷ ᠳᠡᠭᠡᠷ᠎ᠡ ᠬᠡᠳᠦ ᠬᠡᠳᠦ ᠦᠨᠦᠰᠦᠭᠡᠳ ᠠᠪᠤᠯ᠎ᠠ᠃ ᠰᠠᠩᠵᠢ ᠭᠠᠢᠬᠠᠨ ᠳᠣᠭᠳᠣᠯᠵᠤ᠂
- ᠶᠠᠭᠤ ᠪᠣᠯᠤᠭᠰᠠᠨ ᠪᠣᠢ? ᠶᠠᠭᠠᠬᠢᠵᠤ ᠪᠠᠢᠨ᠎ᠠ ᠠ᠋! ᠭᠡᠵᠦ ᠠᠰᠠᠭᠤᠪᠠ᠃
- ᠪᠢ ᠴᠢᠮ᠎ᠠ ᠠ᠋ᠴᠠ ᠬᠡᠦᠬᠡᠳ ᠣᠯᠵᠠᠢ! ᠭᠡᠵᠦ ᠤᠳᠬᠤᠨ ᠤᠤᠬᠠᠢᠯᠠᠬᠤ ᠮᠡᠲᠦ ᠪᠠᠷᠳᠠᠮ ᠪᠠᠶᠠᠷᠲᠠᠢ ᠪᠠᠷ ᠬᠡᠯᠡᠬᠦ ᠳ᠋ᠦ᠍ ᠠᠶᠤᠩᠭ᠎ᠠ ᠳ᠋ᠤ᠌ ᠴᠣᠬᠢᠭᠤᠯᠤᠭᠰᠠᠨ ᠶᠤᠮ ᠰᠢᠭ᠋ ᠲᠠᠢᠪᠠᠭᠠᠨᠠᠨ ᠴᠣᠴᠢᠷᠳᠠᠭᠰᠠᠨ ᠰᠠᠩᠵᠢ ᠳᠤᠤᠭᠠᠷᠴᠤ ᠴᠢᠳᠠᠬᠤ ᠦᠭᠡᠢ ᠠᠩᠭᠠᠢᠨ ᠵᠣᠭᠰᠣᠯ᠎ᠠ᠃ ᠡᠢᠮᠦ ᠶᠠᠭᠤᠮ᠎ᠠ ᠰᠣᠨᠣᠰᠤᠨ᠎ᠠ ᠭᠡᠵᠦ ᠲᠡᠷᠡ ᠵᠡᠭᠦᠳᠦᠯᠡᠭᠡ ᠴᠦ᠍ ᠦᠭᠡᠢ ᠶᠠᠪᠤᠵᠠᠢ᠃ ᠳᠡᠮᠡᠢ ᠠᠯᠮᠠᠢᠷᠠᠬᠤ ᠳ᠋ᠤ᠌ ᠪᠠᠨ᠂
- ᠬᠤᠳᠠᠯ ᠪᠠᠢᠯᠭᠦᠢ! ᠭᠡᠴᠢᠬᠡᠯᠡ᠃
- ᠦᠨᠡᠨ᠂ ᠦᠨᠡᠨ ᠦ᠌ ᠴᠠᠭᠠᠳᠤ ᠦᠨᠡᠨ! ᠭᠡᠵᠦ ᠤᠳᠬᠤᠨ ᠨᠤᠲᠠᠯᠠᠪᠠ᠃ ᠲᠡᠭᠦᠨ ᠦ᠌ ᠦᠭᠡ ᠪᠦᠷᠢ ᠳ᠋ᠦ᠍ ᠨᠢ ᠬᠥᠳᠡᠯᠭᠡᠭᠡᠨ ᠪᠦᠷᠢ ᠳ᠋ᠦ᠍ ᠨᠢ ᠪᠠᠶᠠᠷᠯᠠᠨ ᠬᠥᠭᠡᠷᠦᠭᠰᠡᠨ ᠦ᠌ ᠰᠢᠨᠵᠢ ᠢᠯᠡᠷᠬᠡᠢ ᠪᠠᠢᠯ᠎ᠠ᠃
- ᠮᠢᠨᠦ ᠪᠢᠰᠢ ᠪᠠᠢᠯᠭᠦᠢ! ᠭᠡᠰᠡᠨ ᠳᠡᠮᠡᠢ ᠦᠭᠡ ᠶ᠋ᠢ ᠰᠠᠩᠵᠢ ᠠᠮᠠᠨ ᠠ᠋ᠴᠠ ᠪᠠᠨ ᠤᠨᠠᠭᠠᠴᠢᠬᠠᠭᠠᠳ ᠲᠡᠷᠡ ᠳᠣᠣᠷ᠎ᠠ ᠪᠠᠨ ᠬᠠᠷᠠᠮᠰᠠᠯ᠎ᠠ᠃
ᠲᠡᠭᠡᠲᠡᠯ᠎ᠡ ᠣᠳᠬᠣᠨ᠂
- ᠬᠡᠨ ᠦ᠌ ᠬᠢ ᠨᠢ ᠪᠢ ᠮᠡᠳᠡᠵᠦ ᠪᠠᠢᠨ᠎ᠠ᠃ ᠴᠢᠮ᠎ᠠ ᠠ᠋ᠴᠠ ᠡᠮᠦᠨ᠎ᠡ ᠨᠠᠳᠠ ᠲᠠᠢ ᠳᠠᠭᠠᠷᠢᠯᠳᠤᠭᠰᠠᠨ ᠬᠠᠷᠠᠴᠤᠤᠯ ᠡᠷ᠎ᠡ ᠬᠥᠮᠦᠨ ᠪᠢᠰᠢ ᠪᠠᠢᠵᠠᠢ! ᠵᠠ ᠪᠢ ᠡᠭᠦᠨ ᠢ᠋ ᠯᠡ ᠬᠡᠯᠡᠬᠦ ᠭᠡᠵᠦ ᠵᠢᠷᠦᠬᠡ ᠭᠠᠷᠭᠠᠵᠤ ᠢᠷᠡᠭᠰᠡᠨ ᠶᠦᠮ᠃ ᠣᠳᠣ ᠳᠠᠬᠢᠵᠤ ᠡᠭᠦᠪᠡᠷ ᠪᠠᠷ᠎ᠠ ᠶ᠋ᠢ ᠪᠡᠨ ᠬᠠᠷᠠᠭᠳᠠᠬᠤ ᠦᠭᠡᠢ᠃ ᠬᠡᠯᠡ ᠠᠮᠠᠨ ᠤ᠋ ᠨᠡᠮᠡᠷᠢ᠃ ᠴᠢᠨᠦ ᠪᠡᠨ ᠬᠡᠦᠬᠡᠳ ᠢ᠋ ᠲᠡᠭᠡᠭᠡᠵᠦ᠂ ᠲᠥᠷᠥᠭᠦᠯᠵᠦ ᠥᠰᠬᠡᠨ᠎ᠡ᠃ ᠴᠢ ᠴᠦ᠍ ᠮᠠᠨ ᠤ᠋ ᠬᠢ ᠪᠡᠷ ᠶᠠᠪᠤᠬᠤ ᠬᠡᠷᠡᠭ ᠦᠭᠡᠢ᠃ ᠬᠠᠮᠪᠤ ᠶᠢᠨ ᠴᠢᠨᠢ ᠨᠡᠷ᠎ᠡ ᠳ᠋ᠦ᠍ ᠮᠠᠭᠤ᠃ ᠬᠦᠦ ᠪᠡᠨ ᠭᠠᠷᠤᠭᠰᠠᠨ ᠬᠣᠢᠨ᠎ᠠ ᠯᠠ ᠣᠴᠢᠭᠠᠷᠠᠢ᠃ ᠲᠡᠷᠡ ᠬᠣᠭᠣᠷᠣᠨᠳᠣ ᠪᠡᠶ᠎ᠡ ᠪᠡᠨ ᠪᠠᠷᠢᠵᠤ᠂ ᠰᠠᠬᠢᠯ ᠢ᠋ᠶ᠋ᠠᠨ ᠰᠠᠬᠢᠭᠠᠷᠠᠢ᠃ ᠵᠠ ᠪᠢ ᠶᠠᠪᠤᠯ᠎ᠠ! ᠭᠡᠳ ᠤᠳᠬᠤᠨ ᠬᠡᠦᠬᠡᠨ ᠭᠠᠷᠬᠤ ᠪᠠᠷ ᠵᠠᠪᠳᠤᠬᠤ ᠳ᠋ᠤ᠌ ᠰᠠᠩᠵᠢ ᠪᠡᠶ᠎ᠡ ᠪᠡᠨ ᠵᠠᠬᠢᠷᠴᠤ ᠴᠢᠳᠠᠭᠰᠠᠨ ᠦᠭᠡᠢ ᠲᠡᠭᠦᠨ ᠢ᠋ ᠴᠢᠩᠭ᠎ᠠ ᠲᠡᠪᠡᠷᠢᠨ ᠠᠪᠴᠤ ᠬᠠᠴᠠᠷ ᠲᠤ᠌ ᠨᠢ ᠬᠣᠰᠢᠭᠤ ᠪᠠᠨ ᠨᠠᠭᠠᠯᠳᠤᠭᠤᠯᠵᠤ ᠲᠦᠷ ᠵᠠᠭᠤᠷ᠎ᠠ ᠵᠣᠭᠰᠣᠯ᠎ᠠ᠃
- ᠨᠠᠮᠠᠶ᠋ᠢ ᠬᠠᠭᠠᠯᠭ᠎ᠠ ᠪᠠᠷ ᠢ᠋ᠶ᠋ᠠᠨ ᠭᠠᠷᠭᠠᠵᠤ᠂ ᠬᠣᠢᠨ᠎ᠠ ᠠ᠋ᠴᠠ ᠬᠠᠷᠠᠵᠤ ᠵᠣᠭᠰᠣᠭᠤᠵᠠᠢ᠃ ᠪᠢ ᠣᠳᠣ ᠰᠢᠭᠤᠳ ᠭᠡᠷ ᠤᠷᠤᠭᠤ ᠪᠠᠨ ᠶᠠᠪᠤᠯ᠎ᠠ ᠭᠡᠵᠦ ᠤᠳᠬᠤᠨ ᠬᠡᠯᠡᠭᠡᠳ ᠤᠬᠤᠰᠬᠢᠨ ᠭᠠᠳᠠᠭᠰᠢ ᠭᠠᠷᠤᠯ᠎ᠠ᠃ ᠮᠥᠴᠡ ᠶ᠋ᠢᠨ ᠳᠠᠷᠠᠭ᠎ᠠ ᠮᠣᠷᠢᠨ ᠲᠦᠪᠡᠷᠭᠡᠨ ᠬᠠᠰᠢᠶᠠᠨ ᠤ᠋ ᠭᠠᠳᠠᠨ᠎ᠠ ᠠ᠋ᠴᠠ ᠬᠣᠯᠠᠳᠠᠨ ᠵᠠᠮᠬᠠᠷᠠᠬᠤ ᠰᠣᠨᠣᠰᠤᠭᠳᠠᠯ᠎ᠠ᠃ ᠬᠡᠦᠬᠡᠨ ᠢ᠋ ᠲᠡᠭᠡᠵᠦ ᠬᠣᠯᠠᠳᠠᠨ ᠣᠳᠤᠭᠰᠠᠨ ᠳ᠋ᠤ᠌ ᠬᠠᠷᠠᠮᠰᠠᠬᠤ ᠰᠢᠭ᠋ ᠪᠣᠯᠪᠠ᠃
ᠰᠠᠩᠵᠢᠳᠠᠯᠪᠢᠴᠣᠢᠵᠠᠮᠰᠤ ᠶ᠋ᠢᠨ ᠪᠦᠬᠦ ᠪᠡᠶ᠎ᠡ ᠨᠢ ᠰᠤᠯᠠᠷᠠᠬᠤ ᠰᠢᠭ᠋ ᠪᠣᠯᠵᠤ ᠳᠠᠪᠬᠤᠷ ᠳᠠᠪᠬᠤᠷ ᠵᠤᠵᠠᠭᠠᠨ ᠣᠯᠪᠣᠭᠲᠤ ᠰᠠᠭᠤᠳᠠᠯ ᠳ᠋ᠤ᠌ ᠪᠠᠨ ᠯᠠᠭᠬᠢᠨ ᠣᠢᠴᠢᠯ᠎ᠠ᠃ ᠲᠣᠯᠣᠭᠠᠢ ᠨᠢ ᠡᠷᠭᠢᠬᠦ ᠰᠢᠭ᠂ ᠰᠤᠳᠠᠰᠤ ᠪᠠᠷ ᠭᠦᠶᠦᠬᠦ ᠴᠢᠰᠤ ᠨᠢ ᠪᠤᠴᠠᠯᠬᠤ ᠰᠢᠭ᠋ ᠬᠠᠴᠢᠨ ᠰᠠᠨᠠᠭᠳᠠᠯ᠎ᠠ᠃
《ᠬᠣᠶᠠᠷ ᠴᠤ᠌ ᠨᠥᠬᠥᠷ ᠰᠣᠯᠢᠭᠠᠳ ᠤᠲᠠᠢ᠂ ᠭᠦᠮᠪᠦᠮ᠂ ᡀᠠᠰᠠ ᠵᠣᠣ ᠶ᠋ᠢᠨ ᠬᠠᠮᠤᠭ ᠰᠢᠲᠦᠭᠡᠨ ᠢ᠋ᠶ᠋ᠡᠷ ᠶᠠᠪᠤᠵᠤ ᠦᠷ᠎ᠡ ᠶ᠋ᠢᠨ ᠬᠤᠲᠤᠭ ᠭᠤᠶᠤᠭᠰᠠᠨ ᠨᠢ ᠪᠦᠲᠦᠭᠡ ᠦᠭᠡᠢ ᠲᠡᠷᠡ ᠬᠡᠦᠬᠡᠨ ᠲᠡᠭᠡᠭᠡᠳ ᠨᠠᠰᠤᠨ ᠲᠤᠷᠰᠢᠳᠠ ᠪᠠᠨ ᠡᠬᠡᠨᠡᠷ ᠬᠦᠮᠦᠨ ᠡᠴᠡ ᠲᠥᠯᠥᠵᠦ ᠶᠠᠪᠤᠭᠰᠠᠨ ᠨᠠᠳᠠ ᠰᠢᠭ᠋ ᠠᠮᠢᠲᠠᠨ ᠠ᠋ᠴᠠ ᠬᠡᠦᠬᠡᠳ ᠣᠯᠴᠢᠬᠠᠯ᠎ᠠ ᠭᠡᠵᠦ ᠤᠤ ᠳᠠ? ᠮᠥᠨ ᠬᠠᠴᠢᠨ ᠭᠠᠢᠬᠠᠮᠠᠷ ᠣᠷᠴᠢᠯᠠᠩ ᠶᠤᠮ ᠳᠠ᠃ ᠪᠢ ᠲᠡᠭᠡᠭᠡᠳ ᠣᠳᠣ ᠶᠠᠭᠠᠬᠢᠬᠤ ᠪᠣᠯᠵᠤ ᠪᠠᠢᠨ᠎ᠠ᠃ ᠬᠠᠮᠪᠤ ᠪᠠᠢᠬᠤ ᠤᠤ᠂ ᠡᠴᠢᠭᠡ ᠪᠠᠢᠬᠤ ᠤᠤ? ᠠᠯᠢ ᠶ᠋ᠢ ᠨᠢ ᠰᠣᠩᠭᠣᠬᠤ ᠶᠤᠮ ᠪᠢᠯᠡ?》 ᠭᠡᠵᠦ ᠰᠠᠩᠵᠢᠳᠠᠯᠪᠢᠴᠣᠢᠵᠠᠮᠰᠤ ᠭᠡᠶᠦᠷᠡᠨ ᠪᠣᠳᠣᠯ᠎ᠠ᠃
《ᠬᠠᠮᠪᠤ ᠪᠠᠢᠬᠤ ᠭᠡᠵᠦ ᠯᠡ ᠬᠠᠷ᠎ᠠ ᠨᠢᠯᠬ᠎ᠠ ᠠ᠋ᠴᠠ ᠪᠠᠨ ᠡᠳᠦᠢ ᠬᠢᠵᠢᠶᠡᠯᠢ ᠨᠠᠰᠤ ᠪᠠᠨ ᠬᠦᠷᠲᠡᠯ᠎ᠡ ᠰᠦᠮ᠎ᠡ ᠬᠡᠢᠳ ᠦ᠋ᠨ ᠭᠠᠵᠠᠷ ᠱᠠᠪᠢᠯᠠᠨ ᠰᠠᠭᠤᠵᠤ᠂ ᠪᠤᠷᠬᠠᠨ ᠤ᠋ ᠨᠣᠮ ᠦᠵᠡᠵᠦ᠂ ᠬᠠᠮᠤᠭ ᠠᠮᠢᠳᠤᠷᠠᠯ ᠢ᠋ᠶ᠋ᠠᠨ ᠥᠭᠭᠦᠭᠰᠡᠨ ᠪᠢᠵᠡ ᠳᠡ? ᠬᠡᠨ ᠨᠢᠭᠡᠨ ᠬᠡᠦᠬᠡᠨ ᠦ᠌ ᠬᠣᠷᠮᠣᠢ ᠠ᠋ᠴᠠ ᠵᠢᠭᠤᠷᠠᠯᠳᠤᠭᠠᠳ ᠰᠠᠭᠤᠵᠤ ᠪᠠᠢᠭᠰᠠᠨ ᠪᠣᠯ ᠤᠷᠢ ᠵᠠᠯᠠᠭᠤ ᠠ᠋ᠴᠠ ᠪᠠᠨ ᠬᠠᠷ᠎ᠠ ᠬᠥᠮᠦᠨ ᠪᠣᠯᠵᠤ ᠦᠷ᠎ᠡ ᠬᠡᠦᠬᠡᠳ ᠢ᠋ᠶ᠋ᠡᠨ ᠥᠰᠬᠡᠵᠦ᠂ ᠦᠷᠢᠶ᠎ᠡ ᠮᠠᠯ ᠢ᠋ᠶ᠋ᠠᠨ ᠠᠳᠣᠭᠣᠯᠵᠣ ᠶᠠᠪᠤᠬᠤ ᠦᠭᠡᠢ ᠶᠠᠭᠠᠬᠢᠭ᠎ᠠ ᠪᠣᠢ? ᠬᠢᠭᠰᠡᠨ ᠨᠢᠭᠦᠯ ᠢ᠋ᠶ᠋ᠡᠨ ᠨᠠᠮᠠᠨᠴᠢᠯᠠᠭᠠ ᠲᠡᠭᠦᠪᠡᠷ ᠲᠡᠭᠦᠰᠬᠡᠯ ᠪᠣᠯᠭ᠎ᠠ! ᠴᠠᠰᠢ ᠨᠢ ᠪᠢᠲᠡᠭᠡᠢ ᠳᠠᠭᠠᠮᠵᠢᠷᠠᠭᠤᠯ》 ᠭᠡᠵᠦ ᠬᠣᠶᠢᠮᠣᠷ ᠲᠤ᠌ ᠲᠠᠬᠢᠭᠰᠠᠨ ᠬᠠᠶᠠᠩᠬᠢᠷᠪᠠ ᠪᠤᠷᠬᠠᠨ ᠨᠢ ᠬᠡᠯᠡᠬᠦ ᠰᠢᠭ ᠪᠣᠯᠪᠠ᠃
《ᠦᠭᠡᠢ ᠠ᠋᠂ ᠶᠠᠭᠠᠬᠢᠯ᠎ᠠ ᠭᠡᠵᠦ! ᠨᠢᠭᠡᠨᠲᠡ ᠴᠢᠮ᠎ᠠ ᠠ᠋ᠴᠠ ᠪᠣᠯᠵᠤ ᠪᠦᠰᠡᠭᠦᠢ ᠬᠥᠮᠦᠨ ᠬᠡᠦᠬᠡᠳ ᠣᠯᠤᠭᠰᠠᠨ ᠪᠣᠯ ᠲᠡᠭᠦᠨ ᠦ᠌ ᠪᠡᠨ ᠡᠴᠢᠭᠡ ᠪᠠᠢᠬᠤ ᠤᠴᠢᠷᠲᠠᠢ᠃ ᠡᠴᠢᠭᠡ ᠦᠷ᠎ᠡ ᠶ᠋ᠢᠨ ᠡᠯᠪᠡᠷᠢᠯ ᠵᠢᠷᠤᠮ ᠢ᠋ ᠡᠪᠳᠡᠪᠡᠯ ᠬᠠᠷᠢᠨ ᠲᠡᠷᠡ ᠴᠢᠨᠢ ᠵᠠᠪᠰᠠᠷ ᠦᠭᠡᠢ ᠶᠡᠬᠡ ᠨᠢᠭᠦᠯ ᠪᠣᠯᠤᠨ᠎ᠠ᠃ ᠬᠠᠮᠤᠭ ᠰᠠᠢᠬᠠᠨ ᠵᠠᠯᠠᠭᠤ ᠨᠠᠰᠤ ᠪᠠᠨ ᠱᠣᠭᠣᠯ ᠲᠠᠢ ᠨᠣᠮ ᠲᠡᠪᠡᠷᠢᠨ᠂ ᠮᠠᠨᠢ ᠮᠡᠭᠵᠡᠮ ᠤᠩᠰᠢᠵᠤ ᠥᠩᠭᠡᠷᠡᠭᠡᠭᠰᠡᠨ ᠴᠢᠨᠢ ᠪᠠᠭᠠᠳᠠᠭ᠎ᠠ ᠤᠤ? ᠬᠥᠮᠦᠨ ᠦ᠌ ᠵᠢᠷᠭᠠᠯ ᠭᠡᠵᠦ ᠲᠡᠭᠦᠨ ᠢ᠋ ᠲᠣᠭᠠᠴᠠᠬᠤ ᠶᠤᠮ ᠤᠤ? ᠬᠣᠭᠣᠰᠣᠨ ᠴᠢᠨᠠᠷ ᠤ᠋ᠨ ᠨᠣᠮᠯᠠᠯ ᠴᠢᠨᠢ ᠶᠠᠭᠤᠨ ᠳ᠋ᠤ᠌ ᠬᠡᠷᠡᠭ ᠪᠣᠯᠳᠠᠭ ᠪᠣᠢ? ᠰᠦᠵᠢᠭᠲᠡᠨ ᠣᠯᠠᠨ ᠢ᠋ ᠯᠡ ᠬᠠᠭᠤᠷᠴᠤ ᠠᠪᠬᠤ ᠢᠳᠡᠬᠦ ᠶ᠋ᠢᠨ ᠰᠢᠯᠲᠠᠭ ᠪᠣᠯᠳᠠᠭ ᠠ᠋ᠴᠠ ᠥᠭᠡᠷ᠎ᠡ ᠢᠳᠢ ᠰᠢᠳᠢ ᠪᠠᠢᠨ᠎ᠠ ᠤᠤ? ᠲᠡᠷᠡ ᠴᠢᠨᠢ ᠰᠦᠵᠢᠭᠲᠡᠨ ᠪᠢᠳᠡᠨ ᠢ᠋ ᠪᠠᠢᠲᠤᠭᠠᠢ ᠪᠦᠬᠦ ᠨᠠᠰᠤ ᠪᠠᠷ ᠢ᠋ᠶ᠋ᠠᠨ ᠤᠩᠰᠢᠵᠤ᠂ ᠰᠠᠬᠢᠯ ᠰᠠᠨᠸᠠᠷ ᠢ᠋ᠶ᠋ᠠᠨ ᠰᠠᠬᠢᠭᠰᠠᠨ ᠯᠠᠮᠠ ᠲᠠ ᠨᠠᠷ ᠢ᠋ ᠮᠥᠩᠬᠡᠷᠡᠭᠦᠯᠳᠡᠭ ᠤᠤ? ᠲᠠ ᠨᠠᠷ ᠢ᠋ ᠦᠬᠦᠰᠢ ᠦᠭᠡᠢ ᠮᠥᠩᠬᠡ ᠶ᠋ᠢᠨ ᠰᠢᠳᠢ᠂ ᠦᠭᠡᠢᠷᠡᠰᠢ ᠦᠭᠡᠢ ᠪᠠᠶᠠᠨ ᠤ᠋ ᠰᠢᠳᠢ ᠲᠡᠢ ᠪᠣᠯᠭᠠᠳᠠᠭ ᠤᠤ? ᠦᠭᠡᠢ ᠰᠢᠦ ᠳᠡ》 ᠭᠡᠵᠦ ᠤᠳᠬᠤᠨ ᠬᠡᠦᠬᠡᠨ ᠰᠠᠩᠵᠢ ᠠ᠋ᠴᠠ ᠠᠰᠠᠭᠤᠬᠤ ᠰᠢᠭ᠋ ᠪᠣᠯᠪᠠ᠃ ᠦᠨᠡᠨ ᠬᠡᠷᠡᠭ ᠲᠡᠭᠡᠨ ᠰᠠᠩᠵᠢᠳᠠᠯᠪᠢᠴᠣᠢᠵᠠᠮᠰᠤ ᡀᠠᠷᠠᠮᠪᠠ ᠥᠪᠡᠷ ᠢ᠋ᠶ᠋ᠡᠨ ᠥᠪᠡᠷ ᠲᠡᠢ ᠪᠡᠨ ᠦᠭᠡ ᠰᠥᠷᠭᠡᠯᠳᠦᠵᠦ ᠪᠠᠢᠭ᠎ᠠ ᠨᠢ ᠡᠨᠡ᠃ ᠲᠡᠭᠦᠨ ᠦ᠌ ᠵᠢᠷᠦᠬᠡ ᠰᠡᠳᠬᠢᠯ ᠳ᠋ᠦ᠍ ᠬᠣᠶᠠᠷ ᠤᠬᠠᠭᠠᠨ ᠰᠥᠷᠭᠡᠯᠳᠦᠵᠦ ᠪᠠᠢᠭ᠎ᠠ ᠨᠢ ᠡᠨᠡ᠃ ᠨᠢᠭᠡ ᠨᠢ ᠨᠠᠰᠤᠨ ᠲᠤᠷᠰᠢᠲᠠ ᠰᠤᠳᠤᠯᠤᠭᠰᠠᠨ ᠪᠤᠷᠬᠠᠨ ᠤ᠋ ᠭᠦᠨ ᠤᠬᠠᠭᠠᠨ᠃ ᠨᠥᠭᠦᠭᠡ ᠨᠢ ᠠᠷᠠᠳ ᠤ᠋ᠨ ᠬᠠᠷ᠎ᠠ ᠤᠬᠠᠭᠠᠨ᠃ ᠲᠡᠷᠡ ᠤᠬᠠᠭᠠᠨ ᠢ᠋ ᠡᠴᠢᠭᠡ ᠡᠬᠡ ᠡᠴᠡ᠂ ᠪᠡᠷᠢᠮᠦᠭ ᠡᠮᠡᠭᠡᠨ᠂ ᠥᠯᠵᠡᠢᠲᠦ ᠪᠠᠳᠢᠷᠴᠢᠨ ᠠ᠋ᠴᠠ᠂ ᠣᠳᠬᠣᠨ ᠬᠡᠦᠬᠡᠨ᠂ ᠰᠦᠵᠢᠭᠲᠡᠨ ᠣᠯᠠᠨ ᠠ᠋ᠴᠠ ᠵᠢᠭᠠᠯᠭᠠᠵᠠᠢ᠃ ᠠᠮᠢᠳᠤᠷᠠᠯ ᠤ᠋ᠨ ᠬᠠᠷ᠎ᠠ ᠤᠬᠠᠭᠠᠨ ᠲᠡᠭᠦᠨ ᠦ᠌ ᠨᠢᠳᠦ ᠶ᠋ᠢ ᠨᠡᠭᠡᠭᠡᠭᠰᠡᠨ᠃
ᠰᠠᠩᠵᠢᠳᠠᠯᠪᠢᠴᠣᠢᠵᠠᠮᠰᠤ ᠬᠠᠮᠪᠤ ᠰᠡᠳᠬᠢᠯ ᠦ᠋ᠨ ᠰᠢᠨᠠᠯᠭᠠᠨ ᠠ᠋ᠴᠠ ᠴᠢᠯᠥᠭᠡᠯᠡᠭᠳᠡᠬᠦ ᠨᠢ ᠪᠠᠢᠲᠤᠭᠠᠢ ᠲᠡᠭᠦᠨ ᠳ᠋ᠦ᠍ ᠤᠯᠠᠮ ᠪᠦᠷ ᠡᠵᠡᠮᠳᠡᠭᠦᠯᠵᠦ ᠡᠳᠦᠷ ᠦ᠋ᠨ ᠪᠣᠳᠣᠯ᠂ ᠰᠥᠨᠢ ᠶ᠋ᠢᠨ ᠵᠡᠭᠦᠳᠦ ᠨᠢ ᠬᠣᠶᠠᠷᠬᠠᠨ ᠰᠡᠳᠦᠪᠲᠦ ᠳᠤᠯᠳᠤᠢᠳᠳᠠᠭ ᠪᠣᠯᠤᠯ᠎ᠠ᠃
《ᠪᠤᠶᠠᠨᠵᠠᠯᠪᠠᠷᠢᠬᠤ ᠬᠡᠢᠳ ᠦ᠋ᠨ ᠬᠠᠮᠪᠤ ᠯᠠᠮᠠ ᠰᠠᠩᠵᠢᠳᠠᠯᠪᠢᠴᠣᠢᠵᠠᠮᠰᠤ ᡀᠠᠷᠠᠮᠪᠠ ᠬᠥᠳᠡᠭᠡᠯᠡᠬᠦ ᠨᠡᠷᠡᠢᠳᠦᠯ ᠢ᠋ᠶ᠋ᠡᠷ ᠭᠠᠭᠴᠠ ᠪᠡᠶ᠎ᠡ ᠪᠦᠰᠡᠭᠦᠢᠴᠦᠳ ᠢ᠋ᠶ᠋ᠡᠷ ᠣᠷᠣᠵᠤ ᠭᠠᠷᠳᠠᠭ ᠪᠣᠯᠵᠤ ᠭᠡᠨ᠎ᠡ᠃ ᠨᠤᠲᠤᠭ ᠤ᠋ᠨ ᠬᠢᠨ ᠪᠡᠯᠪᠡᠰᠦᠨ ᠡᠬᠡᠨᠡᠷ ᠤᠳᠬᠤᠨ ᠤ᠋ ᠳ᠋ᠤ᠌ ᠬᠣᠨᠣᠭ ᠲᠥᠭᠡᠷᠢᠭᠦᠯᠦᠭᠡᠳ ᠥᠷᠯᠥᠭᠡ ᠡᠷᠲᠡ ᠶᠠᠪᠤᠵᠤ ᠪᠠᠢᠬᠤ ᠶ᠋ᠢ ᠨᠢ ᠠᠩᠴᠢᠨ ᠳᠣᠪᠳᠣᠨ ᠠᠭᠤᠯᠠᠨ ᠳᠡᠭᠡᠷ᠎ᠡ ᠡᠴᠡ ᠳᠤᠷᠠᠨᠳᠠᠵᠤ ᠰᠠᠭᠤᠭᠠᠳ ᠣᠯᠵᠤ ᠬᠠᠷᠠᠭᠰᠠᠨ ᠭᠡᠨ᠎ᠡ᠃ ᠰᠠᠮᠠᠭᠤᠨ ᠶᠠᠪᠤᠳᠠᠯ ᠲᠠᠢ ᠬᠠᠮᠪᠤ ᠲᠠᠢ ᠪᠣᠯᠵᠠᠢ᠂ ᠮᠠᠨ ᠤ᠋ ᠬᠡᠢᠳ!》 ᠭᠡᠰᠡᠨ ᠴᠤᠤ ᠶᠠᠷᠢᠶ᠎ᠠ ᠨᠤᠲᠤᠭ ᠤᠰᠤᠨ ᠤ᠋ ᠬᠢᠨ ᠦ᠌ ᠳᠤᠮᠳᠠ ᠲᠦᠭᠡᠨ ᠲᠠᠷᠠᠵᠤ ᠪᠠᠢᠭ᠎ᠠ ᠨᠢ ᠰᠠᠩᠵᠢ ᠳ᠋ᠤ᠌ ᠥᠪᠡᠷ ᠲᠦ᠍ ᠨᠢ ᠶᠡᠬᠡ ᠣᠷᠣᠢᠲᠠᠵᠤ ᠳᠤᠭᠤᠯᠳᠠᠵᠠᠢ᠃ ᠳᠤᠭᠤᠯᠳᠠᠬᠤ ᠬᠦᠷᠲᠡᠯ᠎ᠡ ᠲᠡᠷᠡ ᠣᠭᠲᠣᠬᠠᠨ ᠴᠤ᠌ ᠰᠡᠵᠢᠭᠯᠡᠬᠦ ᠦᠭᠡᠢ ᠶᠠᠪᠤᠯ᠎ᠠ᠃ ᠪᠤᠶᠠᠨᠵᠠᠯᠪᠠᠷᠢᠬᠤ ᠬᠡᠢᠳ ᠦ᠋ᠨ ᠰᠢᠷᠡᠭᠡᠲᠦ ᠯᠠᠮᠠ ᠴᠣᠢᠪᠵᠡᠨ ᠲᠡᠭᠦᠨ ᠦ᠌ ᠡᠷᠳᠡᠮ ᠨᠣᠮ ᠳ᠋ᠤ᠌ ᠣᠷᠣᠢ ᠦᠭᠡᠢ ᠳ᠋ᠦ᠍ ᠨᠢ ᠠᠲᠠᠭᠠᠷᠬᠠᠵᠤ᠂ ᠮᠥᠨ ᠬᠡᠢᠳ ᠦ᠋ᠨ ᠳᠡᠴᠢᠨ ᠤᠮᠵᠠᠳ᠂ ᠳᠡᠮᠪᠡᠷᠢᠯ ᠭᠡᠰᠬᠦᠢ᠂ ᠳᠡᠮᠴᠦᠭ ᠭᠠᠪᠵᠤ ᠨᠠᠷ ᠨᠠᠰᠤ ᠵᠠᠯᠠᠭᠤ ᠳ᠋ᠤ᠌ ᠪᠠᠨ ᠶᠡᠬᠡ ᠥᠨᠳᠥᠷ ᠲᠦ᠍ ᠭᠠᠷᠴᠢᠬᠠᠭᠰᠠᠨ ᠳ᠋ᠤ᠌ ᠨᠢ ᠦᠭᠡᠮᠳᠡᠭᠯᠡᠵᠦ ᠲᠡᠷᠡ ᠬᠦ᠌ ᠴᠤᠤᠷᠬᠠᠯ ᠢ᠋ ᠡᠳᠦᠷ ᠪᠦᠷᠢ ᠳᠠᠪᠤᠰᠤ ᠶ᠋ᠢ ᠨᠢ ᠴᠢᠩᠭᠠᠯᠠᠨ ᠠᠭᠤᠯᠵᠠᠭᠰᠠᠨ ᠪᠣᠯᠭᠠᠨ ᠳ᠋ᠤ᠌ ᠪᠠᠨ ᠶᠠᠷᠢᠵᠤ ᠪᠠᠢᠬᠤ ᠪᠣᠯᠤᠭᠰᠠᠨ ᠢ᠋ ᠴᠦ᠍ ᠰᠠᠩᠵᠢᠳᠠᠯᠪᠢᠴᠣᠢᠵᠠᠮᠰᠤ ᡀᠠᠷᠠᠮᠪᠠ ᠭᠠᠳᠠᠷᠯᠠᠵᠤ ᠲᠠᠭᠠᠮᠠᠭᠯᠠᠭᠰᠠᠨ ᠴᠤ᠌ ᠦᠭᠡᠢ᠃ ᠬᠤᠷᠠᠯ ᠨᠣᠮ ᠤ᠋ᠨ ᠢ᠋ᠶ᠋ᠠᠨ ᠠᠯᠪᠠ ᠶ᠋ᠢ ᠵᠠᠯᠭᠠᠭᠤᠯᠵᠤ᠂ ᠴᠣᠢᠷᠣ᠎ᠠ ᠶ᠋ᠢᠨ ᠳᠤᠭᠠᠩ ᠤ᠋ᠨ ᠢ᠋ᠶ᠋ᠠᠨ ᠪᠠᠷᠢᠯᠭ᠎ᠠ ᠶ᠋ᠢ ᠦᠷᠭᠦᠯᠵᠢᠯᠡᠭᠦᠯᠵᠦ ᠪᠠᠢᠯ᠎ᠠ᠃ ᠡᠳᠦᠷ ᠬᠣᠨᠣᠭ ᠶᠡᠬᠡ ᠯᠡ ᠬᠤᠷᠳᠤᠨ ᠥᠩᠭᠡᠷᠡᠵᠦ ᠪᠠᠢᠪᠠ᠃
᠁ ᠨᠠᠮᠤᠷ ᠪᠣᠯᠬᠤ ᠶ᠋ᠢᠨ ᠳᠣᠬᠢᠶ᠎ᠠ ᠣᠷᠣᠵᠤ᠂ ᠡᠪᠡᠰᠦᠨ ᠲᠣᠯᠣᠭᠠᠢ ᠬᠠᠯᠢᠭᠤᠷᠠᠵᠤ ᠡᠬᠢᠯᠡᠯ᠎ᠡ᠃ ᠵᠤᠨ ᠬᠠᠷᠭᠠᠢᠲᠤ ᠳ᠋ᠤ᠌ ᠮᠣᠳᠣᠨ ᠳ᠋ᠤ᠌ ᠶᠠᠪᠤᠭᠰᠠᠨ ᠬᠥᠮᠦᠰ ᠡᠴᠡ ᠰᠤᠷᠠᠭ ᠴᠢᠮᠡᠭᠡ ᠦᠭᠡᠢ ᠪᠠᠢᠬᠤ ᠳ᠋ᠤ᠌ ᠰᠠᠩᠵᠢᠳᠠᠯᠪᠢᠴᠣᠢᠵᠠᠮᠰᠤ ᠬᠠᠮᠪᠤ ᠶᠢᠨ ᠰᠡᠳᠬᠢᠯ ᠲᠦᠪᠳᠡᠬᠦ ᠦᠭᠡᠢ ᠪᠣᠯᠵᠤ ᠰᠤᠷᠠᠭᠯᠠᠭᠤᠯᠬᠤ ᠪᠠᠷ ᠰᠢᠢᠳᠪᠡ᠃ ᠨᠠᠮᠤᠷ ᠤ᠋ᠨ ᠴᠠᠰᠤ ᠠᠭᠤᠯᠠᠨ ᠳ᠋ᠤ᠌ ᠤᠨᠠᠬᠤ ᠠ᠋ᠴᠠ ᠡᠮᠦᠨ᠎ᠡ ᠳᠤᠭᠠᠩ ᠤ᠋ᠨ ᠳ᠋ᠦᠨᠵᠡ ᠬᠡᠷᠡᠭ ᠲᠡᠢ ᠪᠠᠢᠯ᠎ᠠ᠃ ᠲᠡᠳᠡᠨ ᠦ᠌ ᠬᠣᠢᠨ᠎ᠠ ᠠ᠋ᠴᠠ ᠬᠥᠮᠦᠨ ᠶᠠᠪᠤᠭᠤᠯᠬᠤ ᠪᠠᠷ ᠵᠡᠬᠡᠵᠦ ᠪᠠᠢᠲᠠᠯ᠎ᠠ ᠡᠴᠢᠭᠡ ᠲᠡᠢ ᠨᠢ ᠬᠠᠮᠲᠤ ᠮᠣᠳᠣ ᠪᠡᠯᠡᠳᠬᠡᠬᠦ ᠪᠡᠷ ᠣᠳᠤᠭᠰᠠᠨ ᠨᠠᠨᠳᠢ ᠡᠪᠦᠭᠡᠨ ᠤᠷᠤᠭᠤ ᠴᠢᠷᠠᠢᠯᠠᠭᠰᠠᠭᠠᠷ ᠡᠷᠭᠢᠵᠦ ᠢᠷᠡᠯ᠎ᠡ᠃ ᠰᠠᠩᠵᠢ ᠬᠠᠮᠪᠤ ᠲᠡᠭᠦᠨ ᠡᠴᠡ᠂
- ᠶᠠᠭᠤ ᠪᠣᠯᠤᠭ᠎ᠠ ᠪᠣᠢ? ᠶᠠᠭᠠᠬᠢᠭᠰᠠᠨ ᠤᠳᠠᠪᠠ? ᠲᠠ ᠨᠠᠷ ᠮᠣᠳᠣ ᠪᠠᠨ ᠣᠯᠵᠤ ᠴᠢᠳᠠᠪᠠ ᠤᠤ? ᠭᠡᠵᠦ ᠠᠰᠠᠭᠤᠭᠰᠠᠨ ᠴᠢᠨᠢ ᠲᠡᠷᠡ ᠡᠪᠦᠭᠡᠨ ᠬᠡᠰᠡᠭ ᠵᠠᠭᠤᠷ᠎ᠠ ᠬᠤᠯᠭᠠᠵᠤ ᠪᠠᠢᠭᠰᠠᠨ ᠢ᠋ᠶ᠋ᠠᠨ᠂
- ᠲᠤᠩ ᠮᠠᠭᠤ ᠶᠠᠭᠤᠮ᠎ᠠ ᠪᠣᠯᠤᠯ᠎ᠠ᠃ ᠪᠠᠭᠠᠨ᠎ᠠ ᠬᠢᠵᠦ ᠪᠣᠯᠤᠮᠠᠷ ᠬᠡᠰᠡᠭ ᠮᠣᠳᠣ ᠣᠯᠤᠭᠠᠳ ᠪᠠᠢᠲᠠᠯ᠎ᠠ ᠨᠢᠭᠡ ᠨᠢ ᠣᠢᠴᠢᠬᠤ ᠳ᠋ᠤ᠌ ᠪᠠᠨ ᠡᠴᠢᠭᠡ ᠶ᠋ᠢ ᠲᠠᠨᠢ ᠳᠠᠭᠠᠷᠢᠴᠢᠬᠠᠯᠠ ᠁ ᠭᠡᠵᠦ ᠬᠡᠯᠡᠭᠡᠳ ᠳᠠᠭᠤ ᠦᠭᠡᠢ ᠪᠣᠯᠤᠯ᠎ᠠ᠃ ᠬᠠᠢᠷᠠᠲᠤ ᠡᠴᠢᠭᠡ ᠪᠡᠨ ᠬᠠᠷᠠᠮᠰᠠᠨ ᠰᠠᠩᠵᠢ ᠶ᠋ᠢᠨ ᠰᠡᠳᠬᠢᠯ ᠬᠠᠷᠠᠩᠭᠤᠢᠯᠠᠵᠤ ᠴᠡᠭᠡᠵᠢ ᠨᠢ ᠳᠠᠪᠴᠢᠳᠠᠨ ᠭᠤᠨᠢᠯᠠ᠃ ᠬᠣᠷᠸ᠎ᠠ ᠬᠥᠮᠥᠷᠢᠬᠦ ᠰᠢᠭ ᠪᠣᠯᠵᠠᠢ᠃
ᠡᠴᠢᠭᠡ ᠨᠢ ᠲᠣᠮᠣ ᠮᠣᠳᠣᠨ ᠳ᠋ᠤ᠌ ᠨᠢᠴᠠ ᠴᠣᠬᠢᠭᠤᠯᠤᠨ ᠨᠠᠰᠤᠨ ᠡᠴᠦᠰᠯᠡᠵᠡᠢ᠃ ᠬᠣᠯᠠ ᠭᠠᠵᠠᠷ ᠲᠡᠭᠡᠭᠡᠵᠦ ᠶᠠᠪᠤᠬᠤ ᠠᠷᠭ᠎ᠠ ᠦᠭᠡᠢ ᠪᠣᠯᠬᠣᠷ ᠲᠡᠷᠡ ᠬᠠᠪᠢ ᠳ᠋ᠤ᠌ ᠨᠢ ᠬᠥᠳᠡᠭᠡᠯᠡᠭᠦᠯᠦᠭᠡᠳ ᠨᠠᠨᠳᠢ ᠡᠪᠦᠭᠡᠨ ᠡᠷᠭᠢᠵᠦ ᠢᠷᠡᠵᠡᠢ᠃ ᠣᠢ ᠭᠠᠰᠢᠭᠤᠨ ᠳ᠋ᠤ᠌ ᠪᠦᠷᠢᠨ ᠡᠵᠡᠯᠡᠭᠳᠡᠭᠰᠡᠨ ᠰᠠᠩᠵᠢ ᠬᠡᠳᠦᠨ ᠬᠣᠨᠣᠭ ᠤ᠋ᠨ ᠲᠤᠷᠰᠢ ᠰᠦᠮ᠎ᠡ ᠶ᠋ᠢᠨ ᠪᠠᠷᠢᠯᠭ᠎ᠠ ᠳᠡᠭᠡᠷ᠎ᠡ ᠣᠴᠢᠵᠤ ᠴᠢᠳᠠᠭᠰᠠᠨ ᠦᠭᠡᠢ᠃ ᠥᠪᠡᠷ ᠦ᠋ᠨ ᠨᠢ ᠰᠡᠳᠦᠭᠰᠡᠨ ᠶᠠᠭᠤᠮᠠᠨ ᠳ᠋ᠤ᠌ ᠲᠤᠰᠠ ᠪᠣᠯᠬᠤ ᠭᠡᠵᠦ ᠴᠢᠷᠮᠠᠢᠵᠤ ᠶᠠᠪᠤᠭᠠᠳ ᠡᠴᠢᠭᠡ ᠨᠢ ᠵᠠᠭᠤᠷᠠᠳᠤ ᠪᠠᠷ ᠨᠠᠰᠤ ᠪᠠᠷᠠᠭᠰᠠᠨ ᠳ᠋ᠤ᠌ ᠰᠠᠨᠵᠢ ᠬᠠᠷᠠᠮᠰᠠᠪᠠᠴᠤ ᠪᠠᠷᠠᠬᠤ ᠦᠭᠡᠢ᠂ ᠰᠡᠳᠬᠢᠯ ᠦ᠋ᠨ ᠵᠣᠪᠠᠯᠠᠩ ᠳ᠋ᠤ᠌ ᠤᠨᠠᠵᠠᠢ᠃ ᠮᠣᠳᠣᠨ ᠳ᠋ᠤ᠌ ᠶᠠᠪᠤᠬᠤ ᠳ᠋ᠤ᠌ ᠪᠠᠨ ᠡᠴᠢᠭᠡ ᠶ᠋ᠢᠨ ᠵᠠᠬᠢᠵᠤ ᠬᠡᠯᠡᠭᠰᠡᠨ ᠦᠭᠡ ᠶ᠋ᠢ ᠰᠠᠨᠠᠬᠤ ᠪᠦᠷᠢ ᠳ᠋ᠦ᠍ ᠨᠢᠳᠦ ᠨᠢ ᠬᠠᠷᠠᠩᠭᠤᠢᠯᠠᠨᠠ᠃ 《ᠡᠯᠪᠡᠷᠢᠯᠳᠦ ᠡᠬᠡ᠂ ᠡᠴᠢᠭᠡ ᠬᠣᠶᠠᠷ ᠮᠢᠨᠢ ᠲᠠ ᠨᠠᠷ ᠢ᠋ ᠪᠡᠨ ᠦᠷ᠎ᠡ ᠪᠣᠯᠤᠭᠰᠠᠨ ᠪᠢ ᠴᠢᠨᠢ ᠵᠢᠷᠭᠠᠭᠤᠯᠬᠤ ᠨᠢ ᠪᠠᠢᠲᠤᠭᠠᠢ ᠪᠠᠶᠠᠷᠯᠠᠭᠤᠯᠵᠤ ᠴᠤ᠌ ᠴᠢᠳᠠᠭᠰᠠᠨ ᠦᠭᠡᠢ᠃ ᠰᠠᠨᠠᠭᠰᠠᠨ ᠰᠠᠨᠠᠭ᠎ᠠ ᠪᠠᠢᠨ᠎ᠠ᠃ ᠴᠣᠢᠷᠣ᠎ᠠ ᠶ᠋ᠢᠨ ᠳᠤᠭᠠᠩ ᠢ᠋ ᠪᠠᠷᠢᠵᠤ ᠵᠠᠪᠠᠯ ᠳᠠᠭᠤᠰᠬᠠᠭᠤᠯᠬᠤ ᠶᠤᠮᠰᠠᠨ ᠳᠠ᠃ ᠲᠡᠭᠡᠵᠦ ᠭᠡᠮᠡᠵᠢᠨ ᠲᠠ ᠬᠣᠶᠠᠷ ᠤ᠋ᠨ ᠢ᠋ᠶ᠋ᠠᠨ ᠳᠤᠷᠠᠰᠬᠠᠯ ᠢ᠋ ᠦᠯᠡᠳᠡᠭᠡᠯ᠎ᠡ ᠭᠡᠮᠡᠨ ᠰᠡᠳᠬᠢᠯ ᠢ᠋ᠶ᠋ᠡᠨ ᠵᠣᠭᠣᠭᠣᠬᠤ ᠶᠤᠮ》 ᠭᠡᠵᠦ ᠰᠠᠩᠵᠢᠳᠠᠯᠪᠢᠴᠣᠢᠵᠠᠮᠰᠤ ᠪᠠᠲᠤ ᠲᠠᠢ ᠪᠣᠳᠣᠵᠤ᠂ ᠰᠦᠮ᠎ᠡ ᠪᠠᠷᠢᠬᠤ ᠠᠵᠢᠯ ᠢ᠋ᠶ᠋ᠠᠨ ᠲᠦᠷᠭᠡᠪᠴᠢᠯᠡᠬᠦ ᠪᠡᠷ ᠰᠢᠢᠳᠪᠡ᠃ ᠨᠠᠮᠤᠷ ᠤ᠋ᠨ ᠡᠬᠢᠨ ᠰᠠᠷ᠎ᠠ ᠶ᠋ᠢᠨ ᠲᠤᠷᠰᠢ ᠲᠡᠷᠡ ᠠᠵᠢᠯ ᠢ᠋ᠶ᠋ᠠᠷ ᠬᠥᠭᠡᠭᠡᠴᠡᠯᠳᠦᠵᠦ ᠣᠪᠣᠭ᠎ᠠ ᠶᠠᠭᠤᠮ᠎ᠠ ᠠᠮᠵᠢᠭᠤᠯᠵᠤ ᠠᠪᠴᠠᠢ᠃ ᠬᠠᠷᠢᠨ ᠳᠤᠭᠠᠩ ᠳ᠋ᠤ᠌ ᠪᠠᠨ ᠬᠤᠷᠠᠬᠤ ᠠᠵᠢᠯ ᠠ᠋ᠴᠠ ᠨᠡᠯᠢᠶᠡᠳ ᠬᠥᠨᠳᠡᠢᠷᠡᠯᠡ᠃ ᠬᠠᠮᠪᠤ ᠶ᠋ᠢᠨ ᠰᠢᠷᠡᠭᠡᠨ᠎ᠡ ᠵᠠᠪᠢᠯᠠᠵᠤ ᠬᠣᠭᠣᠰᠣᠨ ᠤᠩᠰᠢᠯᠭ᠎ᠠ ᠬᠢᠵᠦ ᠴᠠᠭ ᠢ᠋ ᠡᠯᠡᠭᠡᠨ ᠪᠠᠷᠠᠵᠤ ᠰᠠᠭᠤᠬᠤ ᠶ᠋ᠢ ᠴᠦ᠍ ᠲᠡᠷᠡ ᠨᠢᠭᠡ ᠶᠡᠬᠡ ᠳᠤᠷᠠᠯᠠᠬᠤ ᠦᠭᠡᠢ ᠪᠠᠢᠯ᠎ᠠ᠃ ᠬᠠᠮᠪᠤ ᠶᠢᠨ ᠰᠢᠷᠡᠭᠡᠨ ᠡᠴᠡ ᠤᠢᠳᠤᠨ ᠳᠠᠢᠵᠢᠯᠠ᠃
ᠨᠢᠭᠡ ᠡᠳᠦᠷ ᠪᠤᠶᠠᠨᠵᠠᠯᠪᠠᠷᠢᠬᠤ ᠬᠡᠢᠳ ᠦ᠋ᠨ ᠲᠣᠮᠣ ᠯᠠᠮᠠ ᠨᠠᠷ ᠪᠣᠡᠭ᠌ᠰᠣᠳᠬᠠᠮᠪᠠ ᠳ᠋ᠤ᠌ ᠴᠤᠭᠯᠠᠷᠠᠵᠠᠭᠠᠯᠠ᠃ ᠪᠣᠡᠭ᠌ᠰᠣᠳᠬᠠᠮᠪᠠ ᠪᠣᠯ ᠯᠠᠮᠠ ᠨᠠᠷ ᠤ᠋ᠨ ᠴᠤᠭᠯᠠᠷᠠᠵᠤ ᠵᠥᠪᠯᠡᠳᠡᠭ ᠪᠠᠢᠷᠢ ᠶᠤᠮ᠃ ᠪᠠᠢᠭᠤᠯᠵᠤ ᠪᠠᠢᠭ᠎ᠠ ᠰᠦᠮ᠎ᠡ ᠶ᠋ᠢᠨ ᠳᠣᠲᠣᠭᠠᠳᠤ ᠴᠢᠮᠡᠭᠯᠡᠯ ᠢ᠋ ᠶᠠᠭᠠᠬᠢᠵᠤ ᠬᠢᠯᠭᠡᠬᠦ ᠶ᠋ᠢ ᠲᠡᠳᠡ ᠵᠥᠪᠯᠡᠯᠳᠦᠬᠦ ᠪᠡᠷ ᠴᠤᠭᠯᠠᠷᠠᠵᠠᠢ᠃
- ᠡᠭᠦᠳᠡᠨ ᠦ᠌ ᠪᠠᠢᠰᠢᠩ ᠤ᠋ᠨ ᠬᠠᠭᠠᠯᠭᠠᠨ ᠳ᠋ᠤ᠌ ᠶᠠᠭᠴᠢᠮ᠂ ᠯᠠᠩᠨᠠᠳᠣᠷᠵᠢ ᠲᠡᠷᠢᠭᠦᠨ ᠢ᠋ ᠵᠢᠷᠤᠬᠤ᠂ ᠶᠡᠷᠦ ᠨᠢ ᠨᠣᠮ ᠤ᠋ᠨ ᠶᠣᠰᠣᠭᠠᠷ ᠪᠣᠯ ᠵᠡᠰ ᠤᠯᠠᠭᠠᠨ ᠭᠠᠷᠤᠳᠢ ᠬᠥᠯᠭᠡᠯᠡᠵᠦ ᠯᠠᠭᠱᠠᠨ ᠳ᠋ᠤ᠌ ᠤᠯᠠᠭᠠᠨ ᠲᠣᠷᠭᠠᠨ ᠨᠥᠮᠥᠷᠭᠡ ᠰᠣᠶᠣᠷᠬᠠᠭᠰᠠᠨ ᠪᠠᠷᠰ ᠬᠡᠷᠡᠭᠯᠡᠯ ᠪᠠᠷᠠᠭᠤᠨ ᠳ᠋ᠤ᠌᠂ ᠢᠷᠪᠢᠰ ᠬᠡᠷᠡᠭᠰᠡᠯ ᠵᠡᠭᠦᠨ ᠳ᠋ᠦ᠍ ᠪᠡᠨ ᠪᠠᠷᠢᠭᠰᠠᠨ᠂ ᠠᠷᠤ ᠳ᠋ᠠᠭᠠᠨ ᠴᠢᠯᠠᠭᠤᠨ ᠪᠦᠷᠬᠦᠭᠦᠯ ᠣᠪᠣᠢᠭᠰᠠᠨ᠂ ᠪᠠᠷᠠᠭᠤᠨ ᠮᠣᠳᠣᠷ ᠲᠤ᠌ ᠪᠠᠨ ᠲᠣᠷᠭ᠎ᠠ ᠳ᠋ᠤ᠌ ᠵᠢᠳᠠ ᠶ᠋ᠢ ᠳᠠᠢᠰᠤᠨ ᠳ᠋ᠤ᠌ ᠲᠠᠯᠪᠢᠭᠰᠠᠨ᠂ ᠵᠡᠭᠦᠨ ᠳ᠋ᠦ᠍ ᠳᠠᠢᠰᠤᠨ ᠤ᠋ ᠵᠢᠷᠦᠬᠡ᠂ ᠭᠡᠳᠡᠰᠦᠨ ᠳ᠋ᠦ᠍ ᠴᠠᠯᠮ᠎ᠠ ᠪᠠᠷᠢᠭᠰᠠᠨ᠂ ᠬᠤᠶᠠᠭ ᠳᠤᠭᠤᠯᠠᠭ᠎ᠠ ᠢᠷᠠᠯᠵᠠᠭᠰᠠᠨ ᠪᠠᠢᠳᠠᠯ ᠢ᠋ᠶ᠋ᠠᠷ ᠵᠢᠷᠤᠬᠤ ᠨᠣᠮ ᠲᠠᠢ ᠪᠢᠵᠡ ᠳᠡ ᠭᠡᠵᠦ ᠳᠡᠮᠴᠦᠭ ᠭᠠᠪᠵᠤ ᠡᠬᠢᠯᠡᠭᠡᠳ ᠶᠠᠷᠢᠪᠠ᠃
- ᠵᠠᠪᠠᠯ ᠲᠡᠢᠮᠦ ᠶᠠᠭᠴᠢᠰ ᠢ᠋ ᠵᠢᠷᠤᠬᠤ ᠬᠡᠷᠡᠭ ᠶᠠᠭᠤᠨ ᠪᠢᠯᠡ᠃ ᠬᠠᠷᠢᠨ ᠰᠡᠳᠬᠢᠯ ᠳ᠋ᠦ᠍ ᠥᠶᠥᠭ ᠭᠣᠱᠠᠨᠠ ᠴᠡᠴᠡᠭ ᠵᠢᠷᠤᠮᠠᠷ ᠪᠠᠢᠨ᠎ᠠ ᠭᠡᠵᠦ ᠰᠠᠩᠵᠢᠳᠠᠯᠪᠢᠴᠣᠢᠵᠠᠮᠰᠤ ᠵᠥᠷᠢᠭᠦᠯᠦᠨ ᠬᠡᠯᠡᠬᠦ ᠳ᠋ᠦ᠍ ᠬᠡᠵᠢᠶ᠎ᠡ ᠴᠦ᠍ ᠥᠪᠡᠷ ᠢ᠋ ᠪᠡᠨ ᠰᠢᠭᠦᠮᠵᠢᠯᠡᠭᠦᠯᠵᠦ ᠶᠠᠪᠤᠭ᠎ᠠ ᠦᠭᠡᠢ ᠳᠡᠮᠴᠦᠭ ᠭᠠᠪᠵᠤ᠂
- ᠪᠤᠷᠬᠠᠨ ᠤ᠋ ᠱᠠᠪᠢ ᠪᠢᠳᠡ ᠪᠤᠷᠬᠠᠨ ᠤ᠋ ᠨᠣᠮ ᠢ᠋ ᠯᠡ ᠳᠠᠭᠠᠨ᠎ᠠ ᠰᠢᠦ ᠳᠡ᠃ ᠡᠰᠡ ᠲᠡᠭᠡᠪᠡᠯ ᠪᠤᠷᠤᠭᠤ ᠳᠠᠪᠠᠭ᠎ᠠ ᠪᠠᠷ ᠣᠷᠣᠵᠤ ᠯᠠᠯᠤ ᠪᠣᠯᠬᠤ ᠪᠢᠰᠢ ᠤᠤ? ᠭᠡᠬᠦ ᠳ᠋ᠦ᠍ ᠨᠢ ᠰᠠᠩᠵᠢᠳᠠᠯᠪᠢᠴᠣᠢᠵᠠᠮᠰᠤ ᠵᠢᠪᠡᠭᠦᠦ ᠨᠢ ᠬᠦᠷᠴᠦ᠂
- ᠭᠠᠪᠵᠢᠲᠠᠨ ᠴᠣᠢᠷᠣ᠎ᠠ ᠶ᠋ᠢᠨ ᠰᠦᠮ᠎ᠡ ᠶ᠋ᠢᠨ ᠬᠠᠭᠠᠯᠭᠠᠨ ᠳ᠋ᠤ᠌ ᠶᠡᠬᠡ ᠶᠠᠭᠴᠢᠰ ᠵᠢᠷᠤᠨ᠎ᠠ ᠭᠡᠵᠦ ᠨᠡᠯᠢᠶᠡᠳ ᠠᠨᠳᠠᠭᠤᠷᠠᠪᠠ᠃ ᠲᠡᠢᠮᠦ ᠵᠢᠭᠠᠯᠲᠠ ᠲᠠᠢ ᠨᠣᠮ ᠪᠠᠢᠬᠤ ᠦᠭᠡᠢ᠃ ᠶᠡᠷᠦ ᠨᠢ ᠲᠡᠭᠡᠭᠡᠳ ᠰᠦᠵᠢᠭᠲᠡᠨ ᠣᠯᠠᠨ ᠢ᠋ ᠰᠦᠮ᠎ᠡ ᠶ᠋ᠢᠨ ᠡᠭᠦᠳᠡᠨ ᠳ᠋ᠦ᠍ ᠢᠷᠡᠬᠦ ᠳ᠋ᠦ᠍ ᠨᠢ ᠠᠶᠤᠯᠭᠠᠭᠠᠳ ᠰᠦᠷ ᠳᠠᠷᠤᠭᠠᠳ ᠪᠠᠢᠬᠤ ᠪᠠᠷ ᠶᠠᠭᠤ ᠪᠣᠯᠬᠤ ᠪᠣᠢ? ᠡᠨᠡ ᠣᠯᠢᠭᠲᠤ ᠠᠷᠭ᠎ᠠ ᠠ᠋ᠴᠠ ᠪᠠᠨ ᠰᠠᠯᠤᠮᠠᠷ ᠪᠢᠰᠢ ᠤᠤ? ᠭᠡᠲᠡᠯ᠎ᠡ ᠭᠠᠪᠵᠤ᠂
- ᠰᠦᠵᠢᠭᠲᠡᠨ ᠢ᠋ ᠰᠦᠵᠢᠭᠯᠡᠭᠦᠯᠵᠦ ᠯᠡ ᠪᠠᠢᠬᠤ ᠤᠴᠢᠷᠲᠠᠢ᠃ ᠲᠡᠭᠦᠨ ᠦ᠌ ᠦᠷ᠎ᠡ ᠪᠡᠷ ᠴᠦ᠍ ᠰᠦᠵᠢᠭᠲᠡᠨ ᠢ᠋ᠶ᠋ᠡᠨ ᠠᠯᠳᠠᠯ ᠦᠭᠡᠢ ᠪᠤᠳᠠᠭ᠎ᠠ ᠲᠠᠷᠢᠶ᠎ᠠ ᠮᠡᠲᠦ ᠣᠯᠠᠰᠢᠷᠠᠭᠤᠯᠤᠭᠰᠠᠭᠠᠷ ᠽᠣᠡᠭ᠌ᠺᠡᠸᠠ ᠶ᠋ᠢᠨ ᠨᠣᠮ ᠳᠡᠯᠭᠡᠷᠡᠭᠰᠡᠭᠡᠷ ᠪᠠᠢᠨ᠎ᠠ᠃ ᠬᠠᠷᠢᠨ ᠴᠤ᠌ ᠶᠡᠬᠡ ᠶᠠᠭᠴᠢᠰ ᠵᠥᠭᠡᠯᠡᠳᠡᠬᠦ ᠪᠢᠰᠢ ᠤᠤ? ᠣᠨᠣᠯᠭ᠎ᠠ ᠳ᠋ᠤ᠌ ᠤᠯᠠᠭᠠᠨ ᠬᠣᠩᠰᠢᠶᠠᠷᠲᠤ ᠰᠢᠪᠠᠭᠤ ᠡᠳ᠋ᠯᠡᠭᠰᠡᠨ᠂ ᠯᠠᠭᠱᠠᠨ ᠳ᠋ᠤ᠌ ᠬᠤᠶᠠᠭ ᠡᠮᠦᠰᠦᠭᠰᠡᠨ᠂ ᠲᠡᠷᠢᠭᠦᠨ ᠳ᠋ᠦ᠍ ᠪᠡᠨ ᠭᠡᠷᠡᠯᠲᠦ ᠳᠤᠭᠤᠯᠠᠭ᠎ᠠ ᠰᠡᠯᠲᠡ᠂ ᠮᠣᠳᠣᠷ ᠲᠤ᠌ ᠬᠠᠰ ᠤᠯᠠᠭᠠᠨ ᠵᠢᠳᠠ᠂ ᠴᠢᠰᠤᠨ ᠲᠠᠲᠠᠷ ᠳᠣᠯᠭᠢᠯᠠᠭᠰᠠᠨ᠂ ᠬᠥᠮᠦᠨ ᠦ᠌ ᠵᠢᠷᠦᠬᠡ ᠰᠡᠭᠰᠦᠷᠴᠦ ᠰᠤᠷᠤᠭᠰᠠᠨ ᠢ᠋ᠶ᠋ᠠᠷ ᠳᠦᠷᠢ ᠪᠦᠲᠦᠭᠡᠨ ᠵᠢᠷᠤᠭᠤᠰᠢᠲᠠᠢ ᠭᠡᠵᠦ ᠮᠠᠷᠭᠤᠯᠠ᠃
- ᠪᠠᠢᠬᠤ ᠦᠭᠡᠢ ᠪᠣᠯᠭᠠᠨ ᠢ᠋ ᠪᠠᠢᠳᠠᠭ ᠮᠡᠲᠦ ᠪᠡᠷ ᠨᠣᠮᠯᠠᠨ ᠪᠦᠬᠦ ᠨᠡᠢᠲᠡ ᠪᠡᠨ ᠮᠡᠬᠡᠯᠡᠭᠰᠡᠭᠡᠷ ᠪᠢᠳᠡ ᠣᠯᠠᠨ ᠣᠨ ᠡᠯᠡᠭᠡᠵᠡᠢ᠃ ᠰᠦᠵᠢᠭᠲᠡᠨ ᠦ᠌ ᠰᠦᠰᠦᠭ ᠪᠠᠭᠤᠷᠠᠬᠤ ᠴᠥᠪ ᠦ᠋ᠨ ᠴᠠᠭ ᠣᠢᠷᠠᠲᠣᠵᠠᠢ᠃ ᠭᠠᠪᠵᠣᠲᠠᠨ ᠤ᠋ ᠬᠡᠯᠡᠳᠡᠭ ᠤᠯᠠᠭᠠᠨ ᠬᠣᠩᠰᠢᠶᠠᠷᠲᠤ ᠰᠢᠪᠠᠭᠤ ᠬᠥᠯᠭᠡᠯᠡᠵᠦ᠂ ᠴᠢᠰᠤᠨ ᠲᠠᠲᠠᠷ ᠳᠣᠯᠭᠢᠯᠠᠭᠤᠯᠤᠨ᠂ ᠬᠥᠮᠦᠨ ᠦ᠌ ᠵᠢᠷᠦᠬᠡ ᠰᠡᠭᠰᠦᠷᠴᠦ ᠰᠤᠷᠤᠭᠰᠠᠨ ᠲᠡᠢᠮᠦ ᠠᠮᠢᠲᠠᠨ ᠬᠠᠮᠢᠭ᠎ᠠ ᠬᠡᠵᠢᠶ᠎ᠡ ᠴᠦ᠍ ᠪᠠᠢᠳᠠᠭ ᠦᠭᠡᠢ ᠶ᠋ᠢ ᠮᠡᠳᠡᠬᠦ ᠲᠡᠢᠮᠦ ᠬᠥᠮᠦᠰ ᠣᠯᠠᠰᠢᠷᠠᠬᠤ ᠲᠣᠰᠤᠮ ᠪᠢᠳᠡᠨ ᠦ᠌ ᠨᠣᠮᠯᠠᠯ ᠳ᠋ᠤ᠌ ᠪᠠᠢᠲᠤᠭᠠᠢ ᠰᠦᠮ᠎ᠡ ᠬᠡᠢᠳ ᠲᠦ᠍ ᠮᠠᠨᠢ ᠴᠤ᠌ ᠪᠢᠰᠢᠷᠡᠬᠦ ᠦᠭᠡᠢ ᠳ᠋ᠦ᠍ ᠬᠦᠷᠦᠨ᠎ᠡ ᠰᠢᠦ ᠳᠡ᠃ ᠶᠠᠳᠠᠵᠤ ᠣᠷᠣᠨ ᠬᠡᠢᠳ ᠢ᠋ᠶ᠋ᠡᠨ ᠬᠥᠮᠦᠨ ᠦ᠌ ᠠᠬᠤᠢ᠂ ᠬᠣᠷᠸ᠎ᠠ ᠶ᠋ᠢᠨ ᠶᠠᠪᠤᠳᠠᠯ ᠳ᠋ᠤ᠌ ᠣᠢᠷᠠᠲᠤᠭᠤᠯᠤᠮᠠᠷ ᠪᠢᠰᠢ ᠤᠤ! ᠳᠡᠭᠡᠭᠡ ᠦᠭᠡᠢ ᠴᠠᠭ ᠲᠤ᠌ ᠳᠠᠩ ᠵᠣᠬᠢᠶᠠᠮᠠᠯ ᠬᠠᠭᠤᠷᠮᠠᠭ ᠶᠠᠭᠤᠮ᠎ᠠ ᠪᠠᠷ ᠴᠢᠮᠡᠭᠰᠡᠨ ᠰᠦᠮ᠎ᠡ ᠬᠡᠢᠳ ᠢ᠋ ᠲᠣᠭᠣᠬᠤ ᠪᠠᠨ ᠪᠣᠯᠢᠬᠤ ᠦᠶ᠎ᠡ ᠲᠣᠬᠢᠶᠠᠬᠤ ᠪᠢᠵᠡ᠃ ᠳᠠᠯᠠᠨ ᠬᠤᠳᠠᠯᠴᠢ ᠶ᠋ᠢ ᠬᠥᠮᠦᠨ ᠲᠣᠭᠣᠳᠠᠭ ᠦᠭᠡᠢ ᠰᠢᠭ ᠬᠠᠭᠠᠯᠭ᠎ᠠ ᠬᠠᠴᠠᠪᠴᠢᠨ ᠠ᠋ᠴᠠ ᠪᠠᠨ ᠠᠪᠤᠭᠠᠳ ᠬᠠᠮᠢᠭ᠎ᠠ ᠴᠤ᠌ ᠪᠠᠢᠬᠤ ᠦᠭᠡᠢ ᠵᠣᠬᠢᠶᠠᠮᠠᠯ ᠶᠠᠭᠤᠮ᠎ᠠ ᠪᠠᠷ ᠡᠷᠢᠶᠡᠯᠡᠵᠦ ᠪᠣᠳᠣᠭᠰᠠᠨ ᠰᠦᠮ᠎ᠡ ᠶ᠋ᠢ ᠶᠠᠭ ᠯᠠ ᠬᠤᠳᠠᠯᠴᠢ ᠬᠥᠮᠦᠨ ᠡᠴᠡ ᠳᠣᠣᠷ᠎ᠠ ᠳ᠋ᠤ᠌ ᠦᠵᠡᠬᠦ ᠲᠡᠢᠮᠦ ᠴᠠᠭ ᠢᠷᠡᠪᠡᠯ ᠶᠠᠭᠠᠬᠢᠨ᠎ᠠ᠃ ᠰᠦᠮ᠎ᠡ ᠬᠡᠢᠳ ᠪᠣᠯ ᠤᠷᠲᠤ ᠨᠠᠰᠤ ᠲᠠᠢ᠂ ᠦᠶ᠎ᠡ ᠶ᠋ᠢ ᠡᠯᠡᠭᠡᠨ ᠣᠷᠣᠰᠢᠬᠤ ᠤᠴᠢᠷᠲᠠᠢ᠃ ᠲᠡᠭᠦᠨ ᠢ᠋ ᠪᠢᠰᠢᠯᠭᠠᠬᠤ ᠳ᠋ᠤ᠌ ᠡᠨᠡ ᠰᠦᠮ᠎ᠡ ᠶ᠋ᠢ ᠥᠭᠡᠷ᠎ᠡ ᠮᠠᠢᠭ ᠢ᠋ᠶ᠋ᠠᠷ ᠴᠢᠮᠡᠬᠦ ᠰᠠᠨ ᠭᠡᠵᠦ ᠰᠠᠨᠠᠵᠤ ᠪᠠᠢᠨ᠎ᠠ ᠭᠡᠮᠡᠨ ᠰᠠᠩᠵᠢᠳᠠᠯᠪᠢᠴᠣᠢᠵᠠᠮᠰᠤ ᠶᠠᠷᠢᠭᠰᠠᠨ ᠴᠢᠨᠢ ᠰᠢᠷᠡᠭᠡᠲᠦ ᠯᠠᠮᠠ ᠬᠦᠷᠲᠡᠯ᠎ᠡ ᠳᠤᠷ᠎ᠠ ᠦᠭᠡᠢᠴᠡᠨ ᠠᠭᠤᠷᠯᠠᠵᠤ᠂
- ᠬᠡᠳᠦᠨ ᠮᠢᠩᠭᠠᠨ ᠣᠨ ᠢ᠋ ᠡᠯᠡᠭᠡᠨ ᠬᠡᠪᠰᠢᠵᠦ ᠲᠣᠭᠲᠠᠭᠰᠠᠨ ᠵᠠᠢᠭ ᠶᠣᠰᠣ ᠮᠠᠨᠢ ᠳᠠᠯᠠᠨ ᠬᠤᠳᠠᠯᠴᠢ ᠶ᠋ᠢᠨ ᠦᠭᠡ ᠲᠡᠢ ᠠᠳᠠᠯᠢ ᠪᠣᠯᠵᠤ ᠪᠠᠢᠨ᠎ᠠ ᠤᠤ? ᠨᠢᠭᠦᠯ ᠠᠯᠳᠠᠰ ᠪᠢᠵᠡ ᠠ᠋᠃ ᠪᠤᠷᠤᠭᠤ ᠳᠠᠪᠠᠭ᠎ᠠ ᠪᠠᠷ ᠣᠷᠣᠵᠤ ᠪᠠᠢᠭ᠎ᠠ ᠶᠤᠮ ᠪᠢᠰᠢ ᠤᠤ᠂ ᠬᠠᠮᠪᠤ ᠠ᠋? ᠭᠡᠪᠡ᠃
- ᠣᠮᠣᠭ ᠠ᠋ᠴᠠ ᠵᠡᠳᠬᠡᠷᠲᠦ ᠦᠬᠡᠷ ᠲᠡᠭᠰᠢᠯᠠᠮᠪᠤ ᠲᠥᠷᠥᠳᠡᠭ ᠭᠡᠵᠦ ᠪᠢᠳᠡ ᠨᠣᠮᠯᠠᠳᠠᠭ ᠪᠢᠵᠡ ᠳᠡ? ᠰᠢᠷᠡᠭᠡᠲᠦ ᠯᠠᠮᠠ ᠲᠠᠨ ᠤ᠋ ᠣᠮᠣᠭ ᠠ᠋ᠴᠠ ᠲᠡᠭᠰᠢᠯᠠᠮᠠᠪᠤ ᠲᠥᠷᠥᠬᠦ ᠤᠤ? ᠦᠨᠡᠨ ᠳ᠋ᠦ᠍ ᠪᠡᠨ ᠦᠭᠡᠢ ᠰᠢᠦ ᠳᠡ᠃ ᠪᠢᠳᠡ ᠶᠠᠭ ᠯᠠ ᠢᠩᠭᠢᠵᠦ ᠬᠠᠭᠤᠷᠳᠠᠭ ᠤᠯᠤᠰ ᠳᠠ! ᠭᠡᠵᠦ ᠰᠠᠩᠵᠢ ᠲᠡᠭᠦᠨ ᠦ᠌ ᠦᠭᠡ ᠶ᠋ᠢ ᠲᠠᠭᠯᠠᠪᠠ᠃ ᠲᠡᠭᠡᠲᠡᠯ᠎ᠡ ᠠᠶᠤᠭᠰᠠᠨ ᠤᠮᠵᠠᠳ ᠳᠡᠴᠢᠨ᠂
- ᠲᠠ ᠮᠢᠨᠢ ᠠ᠋᠂ ᠲᠠᠷᠠᠵᠠᠭᠠᠶᠠ᠃ ᠪᠤᠷᠬᠠᠨ ᠤ᠋ ᠣᠷᠣᠨ ᠪᠠᠢᠷᠢᠨ ᠳ᠋ᠤ᠌ ᠠᠯᠳᠠᠰ ᠨᠢᠭᠦᠯ ᠲᠡᠢ ᠦᠭᠡ ᠶᠠᠷᠢᠬᠤ ᠪᠠᠨ ᠵᠣᠭᠰᠣᠵᠠᠭᠠᠶᠠ! ᠬᠡᠨ ᠵᠥᠪ᠂ ᠬᠡᠨ ᠪᠤᠷᠤᠭᠤ ᠶ᠋ᠢ ᠮᠠᠷᠲᠠᠵᠠᠭᠠᠶᠠ ᠭᠡᠪᠡ᠃ ᠲᠡᠳᠡ ᠲᠠᠷᠠᠯᠠ᠃
- ᠮᠠᠨ ᠤ᠋ ᠬᠠᠮᠪᠤ ᠶᠡᠷᠦ ᠨᠢ ᠪᠤᠷᠤᠭᠤ ᠳᠠᠪᠠᠭ᠎ᠠ ᠪᠠᠷ ᠣᠷᠣᠭᠰᠠᠨ ᠪᠣᠯᠤᠯᠲᠠᠢ᠃ ᠡᠮᠡᠰ ᠦ᠋ᠨ ᠬᠣᠢᠨ᠎ᠠ ᠠ᠋ᠴᠠ ᠭᠦᠶᠦᠳᠡᠭ ᠭᠡᠳᠡᠭ ᠢ᠋ ᠳᠡᠭᠡᠷᠡᠬᠡᠨ ᠯᠡ ᠲᠠ ᠲᠣᠭᠣᠯᠤᠭ᠎ᠠ ᠪᠢᠵᠡ᠃ ᠣᠳᠣ ᠪᠣᠯᠬᠣᠷ ᠰᠦᠮ᠎ᠡ ᠶ᠋ᠢᠨ ᠡᠭᠦᠳᠡᠨ ᠳ᠋ᠦ᠍ ᠵᠢᠷᠤᠳᠠᠭ ᠤᠯᠠᠮᠵᠢᠯᠠᠯ ᠲᠠᠢ ᠵᠢᠷᠤᠭ ᠢ᠋ ᠵᠢᠷᠤᠬᠤ ᠦᠭᠡᠢ ᠭᠡᠬᠦ ᠶ᠋ᠢ ᠰᠣᠨᠣᠰᠪᠠ ᠤᠤ ᠭᠡᠵᠦ ᠳᠡᠴᠢᠨ ᠤᠮᠵᠠᠳ ᠰᠢᠷᠡᠭᠡᠲᠦ ᠯᠠᠮᠠ ᠠ᠋ᠴᠠ ᠠᠰᠠᠭᠤᠵᠤ ᠰᠣᠨᠣᠰᠳᠠᠪᠠ᠃
