ᠴᠠᠭᠠᠨ ᠭᠠᠴᠤᠷ᠎ᠠЦагаан гачуур ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭᠠᠨ ᠭᠠᠴᠤᠷ᠎ᠠЦагаан гачуур

ᠴᠠᠭᠠᠨ ᠭᠠᠴᠤᠷ᠎ᠠЦагаан гачуур

2024-03-18

430

ᠴᠠᠭᠠᠨ ᠭᠠᠴᠤᠷ᠎ᠠ

    ᠨᠠᠷᠠᠰᠤ ᠶ᠋ᠢᠨ ᠢᠵᠠᠭᠤᠷ 
ᠮᠥᠩᠬᠡ ᠨᠣᠭᠣᠭᠠᠨ ᠲᠤᠷᠤᠭ ᠮᠣᠳᠣ᠃ ᠬᠣᠯᠲᠣᠰᠣ ᠨᠢ ᠴᠠᠢᠪᠤᠷ ᠬᠦᠷᠡᠩ᠂ ᠡᠮᠬᠢ ᠦᠭᠡᠢ ᠣᠰᠬᠣᠷᠲᠤᠨ ᠨᠢᠮᠭᠡᠬᠡᠨ ᠢ᠋ᠶ᠋ᠡᠷ ᠬᠠᠭᠤᠷᠠᠵᠤ ᠤᠨᠠᠨ᠎ᠠ᠃ ᠵᠢᠵᠢᠭ ᠮᠥᠴᠢᠷ ᠦ᠋ᠨ ᠨᠠᠪᠴᠢᠨ ᠤ᠋ ᠰᠠᠭᠤᠳᠠᠯ ᠨᠢ ᠬᠠᠳᠠᠭᠠᠰᠤ ᠰᠢᠭ᠋ ᠪᠠ ᠲᠡᠭᠦᠨ ᠦ᠌ ᠤᠭ ᠲᠤ ᠨᠠᠬᠢᠶᠠᠨ ᠤ᠋ ᠬᠠᠢᠷᠰᠤ ᠶ᠋ᠢᠨ ᠦᠵᠦᠭᠦᠷ ᠨᠢ ᠮᠠᠲᠠᠷᠢᠬᠤ ᠪᠤᠶᠤ ᠳᠡᠯᠭᠡᠷᠡᠩᠭᠦᠢ ᠤᠷᠭᠤᠨ᠎ᠠ᠃ ᠤᠤᠯ ᠵᠢᠯ ᠦ᠋ᠨ ᠮᠥᠴᠢᠷ ᠨᠢ ᠰᠢᠷᠠᠪᠲᠤᠷ ᠬᠦᠷᠡᠩ᠃ ᠰᠢᠯᠮᠦᠦᠰᠦ ᠨᠢ ᠮᠥᠴᠢᠷ ᠳᠡᠭᠡᠷ᠎ᠡ ᠪᠡᠨ ᠱᠣᠷᠬᠠᠯᠠᠨ ᠤᠷᠭᠤᠨ᠎ᠠ᠂ 1.3—3cm ᠤᠷᠲᠤ᠂ ᠳᠡᠭᠡᠭᠰᠢ ᠪᠡᠨ ᠵᠢᠭᠠᠬᠠᠨ ᠮᠤᠷᠤᠢ᠂ ᠰᠢᠪᠦᠭᠡᠨ ᠬᠡᠯᠪᠡᠷᠢ ᠲᠡᠢ᠂ ᠮᠣᠭᠣᠲᠣᠷ ᠦᠵᠦᠭᠦᠷ ᠲᠡᠢ᠂ ᠳᠥᠷᠪᠡᠨ ᠢᠷᠮᠡᠭ ᠲᠡᠢ ᠪᠥᠭᠡᠳ ᠲᠠᠯ᠎ᠠ ᠪᠦᠷᠢ ᠳ᠋ᠦ᠍ᠨᠢ ᠨᠢᠭᠡ ᠬᠡᠢ ᠶ᠋ᠢᠨ ᠠᠮᠠᠰᠠᠷ ᠤ᠋ᠨ ᠴᠠᠭᠠᠪᠲᠤᠷ ᠴᠤᠪᠤᠭ᠎ᠠ ᠪᠣᠢ᠃ ᠴᠡᠴᠡᠭ ᠨᠢ ᠭᠠᠭᠴᠠ ᠪᠡᠯᠭᠡ ᠲᠡᠢ᠂ ᠨᠢᠭᠡ ᠭᠡᠷ ᠲᠡᠢ᠃ ᠡᠷ᠎ᠡ ᠪᠠᠭ ᠴᠡᠴᠡᠭ ᠨᠢ ᠨᠠᠪᠴᠢᠨ ᠤ᠋ ᠥᠪᠥᠷ ᠲᠤ ᠭᠠᠭᠴᠠᠭᠠᠷ ᠤᠨᠵᠢᠢᠵᠤ ᠤᠷᠭᠤᠨ᠎ᠠ᠃ ᠡᠮ᠎ᠡ ᠪᠠᠭ ᠴᠡᠴᠡᠭ ᠨᠢ ᠬᠠᠵᠠᠭᠤ ᠰᠠᠯᠠᠭ᠎ᠠ ᠶ᠋ᠢᠨ ᠣᠷᠣᠢ ᠳ᠋ᠤ᠌ ᠭᠠᠭᠴᠠᠭᠠᠷ ᠤᠨᠵᠢᠢᠵᠤ ᠤᠷᠭᠤᠨ᠎ᠠ᠂ ᠪᠣᠷᠣᠪᠲᠤᠷ ᠤᠯᠠᠭᠠᠨ᠂ ᠲᠤᠩ ᠵᠢᠵᠢᠭ ᠪᠠᠭᠯᠠᠭᠴᠢ ᠬᠠᠢᠷᠰᠤ ᠲᠠᠢ᠃ ᠪᠣᠷᠭᠣᠴᠣᠭ ᠨᠢ ᠤᠷᠲᠤ ᠪᠥᠭᠡᠷᠡᠩᠬᠡᠢ ᠪᠠᠭᠠᠨ᠎ᠠ ᠬᠡᠯᠪᠡᠷᠢ ᠲᠡᠢ᠂ ᠪᠣᠯᠪᠠᠰᠤᠷᠠᠬᠤ ᠠ᠋ᠴᠠ ᠡᠮᠦᠨ᠎ᠡ ᠠᠷᠤ ᠲᠠᠯ᠎ᠠ ᠨᠢ ᠨᠣᠭᠣᠭᠠᠨ᠂ ᠳᠡᠭᠡᠳᠦ ᠬᠡᠰᠡᠭ ᠦ᠋ᠨ ᠬᠥᠪᠡᠭᠡ ᠨᠢ ᠪᠣᠷᠣ ᠤᠯᠠᠭᠠᠨ ᠪᠠ 6—9 cm ᠤᠷᠲᠤ ᠪᠠᠢᠳᠠᠭ᠃ ᠦᠷ᠎ᠡ ᠶ᠋ᠢᠨ ᠬᠠᠢᠷᠰᠤ ᠨᠢ ᠲᠣᠩᠭᠣᠷᠠᠭᠤ ᠥᠨᠳᠡᠭᠡᠯᠵᠢᠨ᠂ ᠣᠷᠣᠢ ᠨᠢ ᠲᠣᠭᠣᠷᠢᠭ ᠪᠤᠶᠤ ᠮᠣᠬᠣᠭᠣ ᠭᠤᠷᠪᠠᠯᠵᠢᠨ᠂ ᠠᠷᠤ ᠲᠠᠯ᠎ᠠ ᠶ᠋ᠢᠨ ᠢᠯᠡᠬᠡᠨ ᠬᠡᠰᠡᠭ ᠲᠤᠨᠢ ᠭᠤᠯᠳᠤ ᠵᠢᠷᠤᠭᠠᠰᠤ ᠲᠠᠢ᠃ ᠦᠷ᠎ᠡ ᠶ᠋ᠢᠨ ᠬᠢᠨᠢ ᠳᠡᠭᠡᠳᠦ ᠬᠡᠰᠡᠭ ᠲᠤ ᠲᠣᠩᠭᠣᠷᠠᠭᠤ ᠥᠨᠳᠡᠭᠡᠯᠵᠢᠨ ᠤᠷᠲᠤ ᠬᠠᠯᠢᠰᠤᠯᠢᠭ ᠳᠠᠯᠠᠪᠴᠢ ᠲᠠᠢ᠃
ᠠᠭᠤᠯᠠᠷᠬᠠᠭ ᠭᠠᠵᠠᠷ ᠤᠷᠭᠤᠨ᠎ᠠ᠃ ᠮᠠᠨ ᠤ᠋ ᠤᠯᠤᠰ ᠤ᠋ᠨ ᠥᠪᠥᠷ ᠮᠣᠩᠭᠣᠯ᠂ ᠾᠧᠪᠧᠢ᠂ ᠱᠠᠨ ᠰᠢ ᠵᠡᠷᠭᠡ ᠮᠣᠵᠢ ᠣᠷᠣᠨ ᠳ᠋ᠤ᠌ ᠤᠷᠭᠤᠳᠠᠭ᠃ ᠮᠣᠳᠣ ᠶ᠋ᠢ ᠨᠢ ᠪᠠᠷᠢᠯᠭ᠎ᠠ᠂ ᠴᠠᠬᠢᠯᠭᠠᠨ ᠤᠲᠠᠰᠤᠨ ᠤ᠋ ᠪᠠᠭᠠᠨ᠎ᠠ᠂ ᠭᠡᠷ ᠦ᠋ᠨ ᠬᠡᠷᠡᠭᠰᠡᠯ ᠬᠢᠬᠦ ᠵᠡᠷᠭᠡ ᠳ᠋ᠦ᠍ ᠠᠰᠢᠭᠯᠠᠨ᠎ᠠ᠃
ᠬᠢᠲᠠᠳ ᠨᠡᠷ᠎ᠡ᠄白杆
ᠠᠩᠭ᠌ᠯᠢ ᠨᠡᠷ᠎ᠡ᠄Picea meyeri Rehd.et Wils.

   ᠦᠰᠦᠭ ᠠᠮᠢᠯᠠᠭᠤᠯᠤᠭᠴᠢ᠄ ᠳ᠂ ᠡᠷᠬᠢᠮᠪᠠᠭᠠᠲᠤᠷ
   ᠬᠢᠨᠠᠭᠴᠢ᠄ ᠴᠠᠭᠠᠨ ᠲᠤᠶᠠᠭ᠎ᠠ