ᠨᠠᠳᠠ ᠤᠷᠤᠭᠤ ᠤᠷᠭᠤᠭᠰᠠᠨ ᠬᠠᠢᠷ᠎ᠠ -ᠥᠯᠵᠡᠢᠮᠥ᠋ᠷᠡᠨНадруу ургасан хайр-Өлзиймран
ᠨᠠᠳᠠ ᠤᠷᠤᠭᠤ ᠤᠷᠭᠤᠭᠰᠠᠨ ᠬᠠᠢᠷ᠎ᠠ
ᠰᠢᠯᠦᠭ᠄ ᠢ ·ᠭᠡᠷᠡᠯᠲᠦ
ᠠᠶᠠᠯᠭᠤ᠄ ᠰ᠂ ᠲᠡᠮᠦᠷᠴᠢᠯᠠᠭᠤ
ᠥᠯᠵᠡᠢᠮᠥ᠋ᠷᠡᠨ· ᠳᠠᠭᠤᠯᠠᠨ᠎ᠠ
ᠠᠭᠤᠯᠠ ᠠᠭᠤᠯᠠ ᠶ᠋ᠢᠨ ᠰᠡᠵᠢᠭᠦᠷ ᠡᠴᠡ ᠨᠠᠳᠠ ᠤᠷᠤᠭᠤ ᠰᠡᠪᠡᠯᠵᠡᠭᠰᠡᠨ ᠰᠠᠯᠬᠢ ᠶᠤᠮ ᠠ᠋ ᠴᠢ
ᠤᠰᠤ ᠤᠰᠤᠨ ᠤ᠋ ᠡᠬᠢ ᠡᠴᠡ ᠨᠠᠳᠠ ᠤᠷᠤᠭᠤ ᠴᠠᠯᠭᠢᠭᠰᠠᠨ ᠤᠷᠤᠰᠬᠠᠯ ᠶᠤᠮ ᠠ᠋ ᠴᠢ
ᠤᠷᠠᠨ ᠬᠥᠭᠵᠢᠮ ᠦ᠋ᠨ ᠬᠡᠯᠡ ᠡᠴᠡ ᠨᠠᠳᠠ ᠤᠷᠤᠭᠤ ᠵᠠᠳᠠᠷᠠᠭᠰᠠᠨ ᠡᠬᠡᠰᠢᠭ ᠶᠦᠮ ᠠ᠋ ᠴᠢ
ᠤᠯᠠᠭᠠᠨ ᠲᠣᠭᠣᠰᠣᠲᠤ ᠣᠷᠴᠢᠯᠠᠩ ᠳ᠋ᠤ᠌ ᠨᠠᠳᠠ
ᠤᠷᠤᠭᠤ ᠠᠶᠠᠯᠠᠭᠰᠠᠨ ᠡᠳᠦᠷ ᠦ᠋ᠳ ᠶᠦᠮ ᠠ᠋ ᠴᠢ
ᠴᠡᠩᠬᠡᠷ ᠬᠠᠩᠭᠠᠢ ᠶ᠋ᠢᠨ ᠭᠦᠨ ᠡᠴᠡ ᠨᠠᠳᠠ ᠤᠷᠤᠭᠤ ᠲᠦᠬᠦᠯᠵᠡᠭᠰᠡᠨ ᠬᠠᠲᠠᠷᠢᠭ᠎ᠠ ᠶᠤᠮ ᠠ᠋ ᠴᠢ
ᠴᠡᠭᠡᠯᠬᠡᠨ ᠳᠠᠭᠤᠨ ᠤ᠋ ᠲᠦᠷᠢᠯᠭᠡ ᠡᠴᠡ ᠨᠠᠳᠠ ᠤᠷᠤᠭᠤ ᠰᠤᠪᠤᠷᠠᠭᠰᠠᠨ ᠰᠢᠷᠤᠩᠬᠠᠢ ᠶᠤᠮ ᠠ᠋ ᠴᠢ
ᠴᠡᠷᠪᠡᠭᠦᠨ ᠳᠡᠷᠪᠡᠭᠦᠨ ᠨᠠᠰᠤᠨ ᠤ᠋ ᠮᠢᠨᠢ ᠳᠥᠷᠦᠭᠡᠨ ᠳᠡᠭᠡᠷ᠎ᠡ ᠤᠷᠭᠤᠭᠰᠠᠨ ᠮᠥᠷᠥᠭᠡᠳᠦᠯ ᠶᠦᠮ ᠠ᠋ ᠴᠢ
ᠴᠡᠴᠡᠭᠯᠡᠵᠦ ᠭᠠᠩᠳᠠᠳᠠᠭ ᠽᠠᠮᠪᠤᠯᠢᠩ ᠤ᠋ᠨ ᠴᠡᠭᠡᠵᠢᠨ ᠳ᠋ᠦ᠍ ᠨᠠᠮᠢᠷᠠᠭᠰᠠᠨ ᠬᠤᠷ᠎ᠠ ᠶᠤᠮ ᠠ᠋ ᠴᠢ
ᠥᠷᠯᠥᠭᠡ ᠥᠷᠯᠥᠭᠡᠨ ᠦ᠌ ᠨᠠᠷᠠᠨ ᠠ᠋ᠴᠠ ᠨᠠᠳᠠ ᠤᠷᠤᠭᠤ ᠲᠠᠰᠤᠷᠠᠭᠰᠠᠨ ᠰᠠᠴᠤᠷᠠᠭ ᠶᠤᠮ ᠠ᠋ ᠴᠢ
ᠦᠳᠡᠰᠢ ᠦᠳᠡᠰᠢ ᠶ᠋ᠢᠨ ᠰᠠᠷᠠᠨ ᠠ᠋ᠴᠠ ᠨᠠᠳᠠ ᠤᠷᠤᠭᠤ ᠠᠰᠬᠠᠷᠠᠭᠰᠠᠨ ᠭᠡᠭᠡ ᠶᠦᠮ ᠠ᠋ ᠴᠢ
ᠬᠠᠷᠠᠵᠠ ᠶ᠋ᠢᠨ ᠤᠰᠤ ᠰᠢᠭ᠋ ᠮᠡᠯᠲᠡᠭᠡᠨᠡᠳᠡᠭ ᠬᠠᠪ ᠬᠠᠷᠠᠬᠠᠨ ᠮᠡᠯᠮᠡᠢ ᠶᠦᠮ ᠠ᠋ ᠴᠢ
ᠬᠠᠨᠴᠤᠢ ᠶ᠋ᠢᠨ ᠦᠵᠦᠭᠦᠷ ᠰᠢᠭ ᠰᠡᠮᠡᠷᠡᠳᠡᠭ ᠬᠠᠢᠯᠭᠠᠨ ᠴᠠᠢᠯᠭᠠᠨ ᠰᠡᠳᠬᠢᠯ ᠶᠦᠮ ᠠ᠋ ᠴᠢ
ᠬᠠᠯᠭᠢᠯᠠᠬᠤ ᠪᠤᠯᠭᠢᠯᠠᠬᠤ ᠵᠢᠷᠦᠬᠡᠨ ᠳ᠋ᠦ᠍ ᠮᠢᠨᠢ ᠢᠯᠴᠢ ᠪᠡᠨ
ᠨᠡᠮᠡᠭᠰᠡᠨ ᠳᠥᠯᠥ ᠶᠦᠮ ᠠ᠋ ᠴᠢ ᠬᠠᠨ ᠪᠤᠭᠤᠷᠤᠯ ᠬᠣᠷᠸ᠎ᠠ ᠶ᠋ᠢᠨ ᠬᠠᠢᠷᠠᠯᠠᠵᠤ
ᠰᠣᠶᠣᠷᠬᠠᠭᠰᠠᠨ ᠬᠡᠰᠢᠭ ᠶᠦᠮ ᠠ᠋ ᠴᠢ
ᠥᠷᠯᠥᠭᠡ ᠥᠷᠯᠥᠭᠡᠨ ᠦ᠌ ᠨᠠᠷᠠᠨ ᠠ᠋ᠴᠠ ᠨᠠᠳᠠ ᠤᠷᠤᠭᠤ ᠲᠠᠰᠤᠷᠠᠭᠰᠠᠨ ᠰᠠᠴᠤᠷᠠᠭ ᠶᠤᠮ ᠠ᠋ ᠴᠢ
ᠦᠳᠡᠰᠢ ᠦᠳᠡᠰᠢ ᠶ᠋ᠢᠨ ᠰᠠᠷᠠᠨ ᠠ᠋ᠴᠠ ᠨᠠᠳᠠ ᠤᠷᠤᠭᠤ ᠠᠰᠬᠠᠷᠠᠭᠰᠠᠨ ᠭᠡᠭᠡ ᠶᠦᠮ ᠠ᠋ ᠴᠢ
ᠥᠷᠯᠥᠭᠡ ᠥᠷᠯᠥᠭᠡᠨ ᠦ᠌ ᠨᠠᠷᠠᠨ ᠠ᠋ᠴᠠ ᠨᠠᠳᠠ ᠤᠷᠤᠭᠤ ᠲᠠᠰᠤᠷᠠᠭᠰᠠᠨ ᠰᠠᠴᠤᠷᠠᠭ ᠶᠤᠮ ᠠ᠋ ᠴᠢ
ᠦᠳᠡᠰᠢ ᠦᠳᠡᠰᠢ ᠶ᠋ᠢᠨ ᠰᠠᠷᠠᠨ ᠠ᠋ᠴᠠ ᠨᠠᠳᠠ ᠤᠷᠤᠭᠤ ᠠᠰᠬᠠᠷᠠᠭᠰᠠᠨ ᠭᠡᠭᠡ ᠶᠦᠮ ᠠ᠋ ᠴᠢ
ᠨᠠᠳᠠ ᠤᠷᠤᠭᠤ ᠤᠷᠭᠤᠭᠰᠠᠨ ᠬᠠᠢᠷ᠎ᠠ ᠶᠤᠮ ᠠ᠋ ᠴᠢ
ᠦᠰᠦᠭ ᠠᠮᠢᠯᠠᠭᠤᠯᠤᠭᠰᠠᠨ᠄ ᠪᠦᠷᠢᠨᠵᠢᠷᠭᠠᠯ
ᠦᠰᠦᠭ ᠬᠠᠲᠠᠭᠰᠠᠨ ᠨᠢ᠄ ᠪᠦᠷᠢᠨᠵᠢᠷᠭᠠᠯ
ᠬᠢᠨᠠᠭᠴᠢ ᠪᠠᠭᠰᠢ᠄ᠣᠳᠬᠣᠨᠴᠡᠴᠡᠭ
