ᠤᠯᠠᠭᠠᠨ ᠭᠠᠴᠤᠷ᠎ᠠУлаан гачуур

ᠤᠯᠠᠭᠠᠨ ᠭᠠᠴᠤᠷ᠎ᠠ
ᠨᠠᠷᠠᠰᠤ ᠶ᠋ᠢᠨ ᠢᠵᠠᠭᠤᠷ
ᠮᠥᠩᠬᠡ ᠨᠣᠭᠣᠭᠠᠨ ᠲᠤᠷᠤᠭ ᠮᠣᠳᠣ᠂ 20—25m ᠥᠨᠳᠥᠷ᠃ ᠮᠣᠳᠣᠨ ᠰᠠᠷᠠᠪᠴᠢ ᠨᠢ ᠱᠣᠷᠣᠯᠵᠢᠨ᠃ ᠬᠣᠯᠲᠣᠰᠣ ᠨᠢ ᠨᠢᠯᠬ᠎ᠠ ᠦᠶ᠎ᠡ ᠳ᠋ᠡᠭᠡᠨ ᠦᠨᠡᠰᠦᠨ ᠥᠩᠭᠡᠲᠡᠢ ᠮᠥᠷᠲᠡᠭᠡᠨ ᠠᠷᠵᠠᠭᠠᠷ᠂ ᠥᠲᠡᠯᠪᠡᠯ ᠬᠠᠢᠷᠰᠤᠯᠠᠨ ᠬᠠᠭᠤᠷᠠᠵᠤ ᠤᠨᠠᠬᠤ ᠪᠥᠭᠡᠳ ᠴᠠᠢᠪᠤᠷ ᠬᠦᠷᠡᠩ ᠪᠤᠶᠤ ᠣᠯᠠᠪᠲᠤᠷ ᠬᠦᠷᠡᠩ ᠪᠣᠯᠵᠤ ᠬᠤᠪᠢᠷᠠᠨ᠎ᠠ᠃ ᠲᠤᠰ ᠵᠢᠯ ᠦ᠋ᠨ ᠮᠥᠴᠢᠷ ᠨᠢ ᠣᠯᠠᠪᠲᠤᠷ ᠬᠦᠷᠡᠩ ᠪᠤᠶᠤ ᠰᠢᠷᠠᠪᠲᠤᠷ ᠬᠦᠷᠡᠩ᠃ ᠨᠠᠪᠴᠢᠨ ᠤ᠋ ᠰᠠᠭᠤᠳᠠᠯ ᠨᠢ 1mm ᠬᠢᠷᠢ ᠥᠨᠳᠥᠷ᠃ ᠰᠢᠯᠮᠦᠦᠰᠦ ᠨᠢ ᠳᠥᠷᠪᠡᠨ ᠢᠷᠮᠡᠭ ᠲᠡᠢ᠂ 1.2—2cm ᠤᠷᠲᠤ᠂ ᠰᠢᠪᠦᠭᠡ ᠬᠡᠯᠪᠡᠷᠢ ᠲᠡᠢ᠂ ᠱᠣᠪᠬᠣ ᠦᠵᠦᠭᠦᠷ ᠲᠡᠢ᠂ ᠳᠥᠷᠪᠡᠨ ᠲᠠᠯ᠎ᠠ ᠳ᠋ᠤᠨᠢ ᠪᠦᠷ ᠬᠡᠢ ᠶ᠋ᠢᠨ ᠠᠮᠠᠰᠠᠷ ᠤ᠋ᠨ ᠴᠤᠪᠤᠭ᠎ᠠ ᠲᠠᠢ ᠪᠥᠭᠡᠳ ᠮᠥᠴᠢᠷ ᠳᠡᠭᠡᠷ᠎ᠡ ᠪᠡᠨ ᠡᠮᠬᠢ ᠦᠭᠡᠢ ᠰᠠᠴᠤᠷᠠᠨ ᠤᠷᠭᠤᠨ᠎ᠠ᠃ ᠵᠢᠮᠢᠰ ᠦ᠋ᠨ ᠮᠥᠴᠢᠷ ᠳᠠᠬᠢ ᠰᠢᠯᠮᠦᠦᠰᠦ ᠨᠢ1—1.5cm ᠤᠷᠲᠤ᠃ ᠴᠡᠴᠡᠭ ᠨᠢ ᠭᠠᠭᠴᠠ ᠪᠡᠯᠭᠡ ᠲᠡᠢ᠂ ᠨᠢᠭᠡ ᠭᠡᠷ ᠲᠡᠢ᠃ ᠡᠷ᠎ᠡ ᠪᠠᠭ ᠴᠡᠴᠡᠭ ᠨᠢ ᠨᠠᠪᠴᠢᠨ ᠤ᠋ ᠥᠪᠥᠷ ᠲᠤ ᠭᠠᠭᠴᠠᠭᠠᠷ ᠤᠨᠵᠢᠢᠵᠤ ᠤᠷᠭᠤᠨ᠎ᠠ᠃ ᠪᠣᠷᠭᠣᠴᠣᠭ ᠨᠢ ᠥᠨᠳᠡᠭᠡᠯᠵᠢᠨ ᠵᠤᠤᠪᠠᠩ ᠪᠤᠶᠤ ᠤᠷᠲᠤᠯᠵᠢᠨ ᠪᠥᠭᠡᠷᠡᠩᠬᠡᠢ᠂ 5—8cm ᠤᠷᠲᠤ᠂ ᠰᠢᠷᠠᠪᠲᠤᠷ ᠬᠦᠷᠡᠩ ᠪᠤᠶᠤ ᠨᠣᠭᠣᠪᠲᠤᠷ ᠬᠦᠷᠡᠩ ᠥᠩᠭᠡᠲᠡᠢ᠃ ᠦᠷ᠎ᠡ ᠶ᠋ᠢᠨ ᠬᠠᠢᠷᠰᠤ ᠨᠢ ᠨᠢᠮᠭᠡᠨ ᠮᠣᠳᠣᠯᠢᠭ᠂ ᠥᠷᠭᠡᠨ ᠲᠣᠩᠭᠣᠷᠠᠭᠤ ᠥᠨᠳᠡᠭᠡᠯᠵᠢᠨ ᠪᠥᠭᠡᠳ ᠠᠲᠤᠷᠢᠶ᠎ᠠ ᠲᠠᠢ᠂ ᠳᠡᠭᠡᠳᠦ ᠬᠡᠰᠡᠭ ᠨᠢ ᠭᠢᠯᠠᠭᠠᠷ᠃ ᠪᠠᠭᠯᠠᠭᠴᠢ ᠬᠠᠢᠷᠰᠤ ᠨᠢ ᠮᠠᠰᠢ ᠵᠢᠵᠢᠭ᠃ ᠦᠷ᠎ᠡ ᠨᠢ ᠴᠠᠢᠪᠤᠷ ᠬᠦᠷᠡᠩ ᠥᠩᠭᠡᠲᠡᠢ᠂ 4—4.5mm ᠤᠷᠲᠤ᠂ ᠣᠷᠣᠢ ᠳ᠋ᠠᠭᠠᠨ 1cm ᠬᠢᠷᠢ ᠤᠷᠲᠤ ᠳᠠᠯᠠᠪᠴᠢ ᠲᠠᠢ᠃
ᠰᠡᠭᠦᠳᠡᠷᠯᠢᠭ ᠴᠢᠭᠢᠭᠲᠡᠢ ᠭᠠᠵᠠᠷ ᠤᠷᠭᠤᠬᠤ ᠳᠤᠷᠠᠲᠠᠢ᠂ ᠠᠭᠤᠯᠠ ᠶ᠋ᠢᠨ ᠠᠷᠤ ᠬᠠᠵᠠᠭᠤ ᠪᠠᠷ ᠣᠯᠠᠨ ᠤᠷᠭᠤᠨ᠎ᠠ᠃
ᠮᠠᠨ ᠤ᠋ ᠤᠯᠤᠰ ᠤ᠋ᠨ ᠵᠡᠭᠦᠨ ᠬᠣᠢᠲᠤ ᠣᠷᠣᠨ ᠳ᠋ᠤ᠌ ᠤᠷᠭᠤᠳᠠᠭ᠃
ᠬᠣᠯᠲᠣᠰᠣ ᠬᠢᠭᠡᠳ ᠪᠣᠷᠭᠣᠴᠣᠭ ᠨᠢ ᠪᠦᠷ ᠡᠯᠳᠡᠭᠦᠷᠢ ᠶ᠋ᠢᠨ ᠲᠦᠭᠦᠬᠡᠢ ᠡᠳ᠋ ᠶᠦᠮ᠃ ᠮᠣᠳᠣ ᠶ᠋ᠢ ᠨᠢ ᠣᠩᠭᠣᠴᠠ ᠵᠡᠷᠭᠡ ᠳ᠋ᠦ᠍ ᠬᠡᠷᠡᠭᠯᠡᠳᠡᠭ᠃ ᠡᠰᠢᠨ ᠡᠴᠡ ᠨᠢ ᠳᠠᠪᠠᠷᠬᠠᠢ ᠠᠪᠴᠤ ᠪᠣᠯᠤᠨ᠎ᠠ᠃
ᠬᠢᠲᠠᠳ ᠨᠡᠷ᠎ᠡ᠄红皮云杉
ᠠᠩᠭ᠌ᠯᠢ ᠨᠡᠷ᠎ᠡ᠄ Picea koraiensis Nakai
ᠦᠰᠦᠭ ᠠᠮᠢᠯᠠᠭᠤᠯᠤᠭᠴᠢ᠄ ᠳ᠂ ᠡᠷᠬᠢᠮᠪᠠᠭᠠᠲᠤᠷ
ᠬᠢᠨᠠᠭᠴᠢ᠄ ᠴᠠᠭᠠᠨ
