ᠰᠢᠨ᠎ᠡ ᠳᠤᠮᠳᠠᠳᠤ ᠤᠯᠤᠰ ᠤᠨ ᠤᠷᠠᠨ ᠪᠢᠴᠢᠯᠭᠡᠳᠡᠳ - <ᠨᠢᠭᠡ>1949 ᠣᠨ ᠠᠴᠠ ᠡᠮᠦᠨ᠎ᠡ ᠮᠡᠨᠳᠦᠯᠡᠭᠰᠡᠳ - ᠠᠳᠠᠯᠢᠪᠢᠱᠢ Шинэ дундад улсын уран бичлэгдэд – <1>1949 оноос өмнө мэндэлсэд – Адилбиш
<ᠨᠢᠭᠡ> 1949 ᠣᠨ ᠠᠴᠠ ᠡᠮᠦᠨ᠎ᠡ ᠮᠡᠨᠳᠦᠯᠡᠭᠰᠡᠨ ᠤᠷᠠᠨ ᠪᠢᠴᠢᠯᠭᠡᠲᠡᠳ
—— ᠠᠳᠠᠯᠢᠪᠢᠱᠢ Адилбиш
ᠨᠢᠭᠡ ᠠᠳᠠᠯᠢᠪᠢᠰᠢ ᠶ᠋ᠢᠨ ᠲᠣᠪᠴᠢ ᠨᠠᠮᠲᠠᠷ
ᠠᠳᠠᠯᠢᠪᠢᠰᠢ ( 1890᠊᠊᠊᠊᠊᠊᠊1958 )ᠪᠣᠯ ᠬᠠᠪᠤᠲᠤ ᠬᠠᠰᠠᠷ ᠤ᠋ᠨ ᠭᠤᠴᠢᠨ ᠵᠢᠷᠭᠤᠳᠤᠭᠠᠷ ᠦᠶ᠎ᠡ ᠪᠣᠯᠤᠨ᠎ᠠ᠃ ᠠᠳᠠᠯᠢᠪᠢᠰᠢ ᠶ᠋ᠢᠨ ᠡᠪᠦᠭᠡ ᠳᠡᠭᠡᠳᠦᠰ ᠨᠢ ᠲᠡᠷᠡ ᠦᠶ᠎ᠡ ᠶ᠋ᠢᠨ ᠵᠢᠷᠢᠮ ᠠᠢᠮᠠᠭ ᠤ᠋ᠨ ᠬᠣᠷᠴᠢᠨ ᠵᠡᠭᠦᠨ ᠭᠠᠷᠤᠨ ᠬᠣᠢᠲᠤ ᠬᠤᠰᠢᠭᠤᠨ ᠤ᠋ ᠠᠭᠠᠵᠣᠳ ᠨᠤᠲᠤᠭ ᠤ᠋ᠨ ᠲᠠᠢᠵᠢ ᠢᠵᠠᠭᠤᠷᠲᠠᠨ ᠪᠠᠢᠵᠠᠢ᠃
ᠠᠳᠠᠯᠢᠪᠢᠰᠢ ᠶ᠋ᠢᠨ ᠲᠥᠷᠥᠭᠰᠡᠨ ᠨᠤᠲᠤᠭ ᠪᠣᠯ ᠣᠳᠣ ᠶ᠋ᠢᠨ ᠲᠦᠩᠯᠢᠶᠣᠣ ᠬᠣᠲᠠ ᠶ᠋ᠢᠨ ᠬᠣᠷᠴᠢᠨ ᠵᠡᠭᠦᠨ ᠭᠠᠷᠤᠨ ᠬᠣᠢᠲᠤ ᠬᠤᠰᠢᠭᠤᠨ ᠤ᠋ ᠵᠢᠷᠭᠠᠯᠠᠩ ᠪᠠᠯᠭᠠᠰᠤ ᠶ᠋ᠢᠨ ᠲᠡᠷᠢᠭᠦᠨ ᠠᠢᠯ ᠭᠠᠴᠠᠭ᠎ᠠ ᠪᠣᠯᠤᠨ᠎ᠠ᠃ ᠠᠳᠠᠯᠢᠪᠢᠰᠢ ᠲᠡᠷᠡ ᠦᠶ᠎ᠡ ᠶ᠋ᠢᠨ ᠬᠣᠷᠴᠢᠨ ᠵᠡᠭᠦᠨ ᠭᠠᠷᠤᠨ ᠬᠣᠢᠲᠤ ᠬᠤᠰᠢᠭᠤᠨ ᠤ᠋ ᠲᠠᠢᠵᠢ ᠢᠵᠠᠭᠤᠷᠲᠠᠨ ᠤ᠋ ᠭᠡᠷ ᠪᠦᠯᠢ ᠶ᠋ᠢᠨ ᠬᠥᠮᠦᠨ ᠪᠠᠢᠭᠰᠠᠨ ᠢ᠋ᠶ᠋ᠠᠷ ᠦᠵᠡᠬᠦ ᠳ᠋ᠦ᠍ ᠲᠡᠭᠦᠨ ᠦ᠌ ᠣᠪᠣᠭ ᠢ᠋ ᠪᠤᠰᠤᠳ ᠬᠥᠮᠦᠨ ᠡᠴᠡ ᠠᠰᠠᠭᠤᠵᠤ ᠰᠤᠷᠠᠭᠯᠠᠬᠤ ᠦᠭᠡᠢ ᠪᠡᠷ 《ᠪᠦᠦ 》ᠣᠪᠣᠭ ᠲᠠᠢ ᠭᠡᠰᠡᠨ ᠢ᠋ ᠮᠡᠳᠡᠭᠰᠡᠨ ᠪᠢᠯᠡ᠃
ᠠᠳᠠᠯᠢᠪᠢᠰᠢ ᠬᠡᠳᠦᠢᠪᠡᠷ ᠢᠵᠠᠭᠤᠷᠲᠠᠨ ᠤ᠋ ᠭᠡᠷ ᠪᠦᠯᠢ ᠳ᠋ᠦ᠍ ᠲᠥᠷᠥᠭᠰᠡᠨ ᠪᠣᠯᠪᠠᠴᠤ ᠲᠡᠭᠦᠨ ᠦ᠌ ᠦᠶ᠎ᠡ ᠳ᠋ᠦ᠍ ᠬᠦᠷᠴᠦ ᠢᠷᠡᠭᠡᠳ ᠠᠮᠢᠳᠤᠷᠠᠯ ᠨᠢ ᠳᠣᠣᠷᠠᠳᠠᠵᠤ᠂ ᠶᠡᠷᠦ ᠶ᠋ᠢᠨ ᠬᠠᠷᠠᠴᠤ ᠠᠷᠠᠳ ᠤ᠋ᠨ ᠠᠵᠤ ᠠᠮᠢᠳᠤᠷᠠᠯ ᠤ᠋ᠨ ᠬᠢᠷᠢ ᠲᠦᠪᠰᠢᠨ ᠲᠡᠢ ᠪᠣᠯᠵᠠᠢ᠃
ᠠᠳᠠᠯᠢᠪᠢᠰᠢ ᠠᠮᠢᠳᠤ ᠰᠡᠷᠡᠭᠦᠨ ᠪᠠᠢᠬᠤ ᠳ᠋ᠤ᠌ ᠪᠠᠨ ᠵᠢᠷᠢᠮ ᠠᠢᠮᠠᠭ ᠤ᠋ᠨ ᠭᠠᠨᠵᠤᠭ᠎ᠠ᠂ ᠵᠢᠷᠭᠠᠯᠠᠩ᠂ ᠤᠰᠤᠨ ᠠᠢᠯ᠂ ᠠᠭᠠᠵᠣᠳ᠂ ᠲᠡᠷᠢᠭᠦᠨ ᠠᠢᠯ ᠵᠡᠷᠭᠡ ᠠᠢᠯ ᠲᠣᠰᠬᠣᠨ ᠤ᠋ ᠪᠠᠨ ᠪᠠᠶᠠᠨ ᠴᠢᠨᠡᠭᠡᠯᠢᠭ ᠬᠥᠮᠦᠰ ᠦ᠋ᠨ ᠭᠡᠷ ᠦ᠋ᠨ ᠰᠤᠷᠭᠠᠭᠤᠯᠢ ᠳ᠋ᠤ᠌ ᠪᠠᠭᠰᠢᠯᠠᠵᠤ᠂ ᠮᠣᠩᠭᠣᠯ ᠬᠡᠦᠬᠡᠳ ᠲᠦ᠍ ᠪᠢᠴᠢᠭ ᠰᠣᠶᠣᠯ ᠵᠢᠭᠠᠵᠤ ᠪᠠᠢᠵᠠᠢ᠃ ᠬᠠᠶᠠ ᠵᠠᠷᠢᠮ ᠳ᠋ᠤ᠌ ᠪᠠᠨ ᠬᠤᠰᠢᠭᠤᠨ ᠤ᠋ ᠨᠠᠢᠷ ᠨᠠᠭᠠᠳᠤᠮ ᠳ᠋ᠤ᠌ ᠣᠷᠣᠯᠴᠠᠵᠤ᠂ ᠰᠡᠩᠭᠡᠷᠢᠨᠴᠢᠨ ᠦ᠌ ᠮᠠᠭᠲᠠᠭᠠᠯ ᠰᠢᠯᠦᠭ ᠢ᠋ ᠭᠣᠶᠣ ᠰᠠᠢᠬᠠᠨ ᠤᠩᠰᠢᠨ ᠤᠶᠠᠩᠭᠠᠯᠠᠳᠠᠭ ᠭᠡᠨ᠎ᠡ᠃
ᠠᠳᠠᠯᠢᠪᠢᠰᠢ ᠪᠣᠯ ᠲᠤᠬᠠᠢ ᠶ᠋ᠢᠨ ᠦᠶ᠎ᠡ ᠳ᠋ᠦ᠍ ᠪᠡᠨ ᠬᠣᠰᠢᠭᠤ ᠨᠤᠲᠤᠭ ᠲᠤ᠌ ᠪᠠᠨ ᠲᠣᠭ᠎ᠠ ᠲᠠᠢ ᠬᠡᠳᠦᠨ ᠪᠢᠴᠢᠭ ᠦ᠋ᠨ ᠬᠥᠮᠦᠨ ᠦ᠌ ᠨᠢᠭᠡ ᠨᠢ ᠪᠣᠯᠤᠨ᠎ᠠ᠃ ᠠᠳᠠᠯᠢᠪᠢᠰᠢ ᠨᠢᠭᠡ ᠨᠠᠰᠤ ᠪᠠᠷ ᠢ᠋ᠶ᠋ᠠᠨ ᠪᠠᠭᠰᠢ ᠶ᠋ᠢᠨ ᠠᠵᠢᠯ ᠬᠢᠵᠦ᠂ ᠦᠰᠦᠨ ᠪᠢᠷ ᠢ᠋ᠶ᠋ᠡᠷ ᠪᠢᠴᠢᠭᠰᠡᠨ ᠵᠢᠭᠠᠬᠤ ᠪᠢᠴᠢᠭ ᠨᠠᠢᠷᠠᠭᠤᠯᠵᠤ᠂ ᠪᠢᠳᠡ ᠪᠦᠬᠦᠨ ᠳ᠋ᠦ᠍ ᠢᠳᠡᠷᠡᠭᠦᠨ ᠴᠢᠭᠢᠷᠠᠭ ᠮᠣᠩᠭᠣᠯ ᠤᠷᠠᠨ ᠪᠢᠴᠢᠯᠭᠡ ᠶ᠋ᠢ ᠦᠯᠡᠳᠡᠭᠡᠵᠦ ᠥᠭᠭᠦᠭᠰᠡᠨ ᠪᠠᠢᠨ᠎ᠠ᠃ ᠲᠡᠭᠦᠨ ᠦ᠌ ᠪᠢᠴᠢᠭᠰᠡᠨ ᠵᠢᠭᠠᠬᠤ ᠪᠢᠴᠢᠭ ᠡᠴᠡ ᠬᠡᠳᠦᠨ ᠳᠡᠪᠲᠡᠷ ᠢ᠋ ᠨᠢ ᠨᠠᠷᠢᠨ ᠰᠢᠭ᠋ ᠲᠠᠨᠢᠯᠴᠠᠭᠤᠯᠤᠶ᠎ᠠ᠃
ᠬᠣᠶᠠᠷ ᠠᠳᠠᠯᠢᠪᠢᠰᠢ ᠶ᠋ᠢᠨ ᠵᠢᠭᠠᠬᠤ ᠪᠢᠴᠢᠭ
ᠨᠢᠭᠡᠳᠦᠭᠡᠷ ᠳᠡᠪᠲᠡᠷ ᠨᠢ (15×25 ) ᠮᠣᠩᠭᠣᠯ ᠦᠰᠦᠭ ᠦ᠋ᠨ ᠴᠠᠭᠠᠨ ᠲᠣᠯᠣᠭᠠᠢ ᠶ᠋ᠢ ᠬᠠᠭᠤᠯᠵᠤ ᠪᠢᠴᠢᠭᠰᠡᠨ ᠪᠠᠭ᠎ᠠ ᠰᠤᠷᠭᠠᠭᠤᠯᠢ ᠶ᠋ᠢᠨ ᠨᠢᠭᠡᠳᠦᠭᠡᠷ ᠣᠨ ᠤ᠋ ᠰᠤᠷᠤᠭᠴᠢᠳ ᠤ᠋ᠨ ᠬᠢᠴᠢᠶᠡᠯ ᠦ᠋ᠨ ᠪᠢᠴᠢᠭ ᠪᠣᠯᠤᠨ᠎ᠠ᠃
ᠪᠢᠳᠡᠨ ᠳ᠋ᠦ᠍ ᠣᠯᠳᠠᠭᠰᠠᠨ ᠡᠨᠡ ᠳᠡᠪᠲᠡᠷ ᠲᠦ᠍ ᠨᠣᠮ ᠤ᠋ᠨ ᠭᠠᠳᠠᠷ ᠭᠡᠵᠦ ᠪᠠᠢᠬᠤ ᠦᠭᠡᠢ᠂ ᠪᠠᠷᠤᠭ ᠤᠷᠠᠭᠳᠠᠵᠤ ᠭᠡᠭᠡᠭᠳᠡᠭᠰᠡᠨ ᠪᠠᠢᠬ᠎ᠠ᠂ ᠬᠠᠭᠤᠴᠢᠷᠠᠵᠤ ᠬᠣᠭᠵᠢᠷᠠᠭᠰᠠᠨ ᠰᠢᠷᠠᠩᠭᠤᠢ ᠴᠠᠭᠠᠰᠤ ᠶ᠋ᠢ ᠴᠠᠭᠠᠰᠤᠨ ᠳᠡᠭᠡᠰᠦ ᠪᠡᠷ ᠭᠤᠷᠪᠠᠨ ᠭᠠᠵᠠᠷ ᠦᠳᠡᠨ ᠣᠶᠣᠵᠤ ᠳᠡᠭᠡᠷ᠎ᠡ ᠳᠤᠮᠳᠠ ᠳᠣᠣᠷ᠎ᠠ ᠭᠤᠷᠪᠠᠨ ᠨᠣᠮ ᠪᠣᠯᠭᠠᠨ ᠳᠡᠪᠲᠡᠷᠯᠡᠵᠡᠢ᠃ ᠨᠡᠢᠲᠡ ᠬᠣᠷᠢᠨ ᠨᠢᠭᠤᠷ᠃ ᠨᠢᠭᠡᠳᠦᠭᠡᠷ ᠳᠡᠪᠲᠡᠷ ᠲᠦ᠍ ᠮᠣᠩᠭᠣᠯ ᠦᠰᠦᠭ ᠦ᠋ᠨ ᠴᠠᠭᠠᠨ ᠲᠣᠯᠣᠭᠠᠢ ᠶ᠋ᠢᠨ ᠭᠤᠷᠪᠠᠨ ᠬᠤᠪᠢᠷᠠᠯ ᠪᠣᠯᠤᠨ ᠴᠠᠭᠠᠨ ᠲᠣᠯᠣᠭᠠᠢ ᠶ᠋ᠢᠨ ᠬᠤᠪᠢᠷᠠᠯᠲᠠ ᠲᠠᠢ ᠳᠠᠩ ᠦᠭᠡ ᠵᠡᠷᠭᠡ ᠶ᠋ᠢ ᠦᠰᠦᠨ ᠪᠢᠷ ᠢ᠋ᠶ᠋ᠡᠷ ᠭᠣᠶᠣ ᠰᠠᠢᠬᠠᠨ ᠬᠠᠭᠤᠯᠵᠤ ᠪᠢᠴᠢᠭᠰᠡᠨ ᠨᠢ ᠣᠳᠣ ᠶ᠋ᠢᠨ ᠶᠡᠬᠡ ᠤᠷᠠᠨ ᠪᠢᠴᠢᠯᠭᠡᠲᠡᠨ ᠪᠣᠣᠱᠠᠨ ᠤ᠋ ᠬᠠᠭᠤᠯᠤᠭᠰᠠᠨ ᠪᠠᠭ᠎ᠠ ᠰᠤᠷᠭᠠᠭᠤᠯᠢ ᠶ᠋ᠢᠨ ᠬᠢᠴᠢᠶᠡᠯ ᠦ᠋ᠨ ᠪᠢᠴᠢᠭ ᠲᠡᠢ ᠠᠭᠤᠯᠭ᠎ᠠ ᠬᠡᠯᠪᠡᠷᠢ ᠶ᠋ᠢᠨ ᠲᠠᠯ᠎ᠠ ᠪᠠᠷ ᠪᠠᠷᠤᠭ ᠣᠴᠢᠨ᠎ᠠ᠃
ᠠᠳᠠᠯᠢᠪᠢᠰᠢ ᠶ᠋ᠢᠨ ᠨᠠᠢᠷᠠᠭᠤᠯᠤᠨ ᠪᠢᠴᠢᠭᠰᠡᠨ ᠨᠢᠭᠡᠳᠦᠭᠡᠷ ᠳᠡᠪᠲᠡᠷ ᠢ᠋ ᠨᠢ ᠪᠠᠭ᠎ᠠ ᠰᠤᠷᠭᠠᠭᠤᠯᠢ ᠶ᠋ᠢᠨ ᠬᠡᠯᠡ ᠵᠦᠢ ᠶ᠋ᠢᠨ ᠵᠢᠭᠠᠬᠤ ᠪᠢᠴᠢᠭ ᠭᠡᠵᠦ ᠬᠡᠯᠡᠵᠦ ᠪᠣᠯᠤᠨ᠎ᠠ᠃
ᠬᠣᠶᠠᠳᠤᠭᠠᠷ ᠳᠡᠪᠲᠡᠷ ᠨᠢ (12×24 ) ᠨᠢᠭᠡᠳᠦᠭᠡᠷ ᠳᠡᠪᠲᠡᠷ ᠦ᠋ᠨ ᠴᠠᠭᠠᠨ ᠲᠣᠯᠣᠭᠠᠢ ᠶ᠋ᠢᠨ ᠰᠠᠭᠤᠷᠢ ᠳᠡᠭᠡᠷ᠎ᠡ ᠬᠡᠯᠡ ᠵᠦᠢ ᠶ᠋ᠢᠨ ᠬᠤᠪᠢᠷᠠᠯ᠂ ᠦᠭᠡ ᠬᠣᠯᠪᠣᠵᠤ ᠪᠢᠴᠢᠬᠦ ᠪᠠ ᠥᠭᠦᠯᠡᠪᠦᠷᠢ ᠵᠣᠬᠢᠶᠠᠵᠤ ᠪᠣᠯᠪᠠᠰᠤᠷᠠᠬᠤ ᠵᠢᠱ᠌ᠢᠶ᠎ᠡ ᠨᠦ᠍ᠭᠦᠳ ᠢ᠋ ᠦᠰᠦᠨ ᠪᠢᠷ ᠢ᠋ᠶ᠋ᠡᠷ ᠬᠠᠭᠤᠯᠵᠤ ᠪᠢᠴᠢᠭᠰᠡᠨ ᠪᠠᠭ᠎ᠠ ᠰᠤᠷᠭᠠᠭᠤᠯᠢ ᠶ᠋ᠢᠨ ᠬᠣᠶᠠᠷ ᠭᠤᠷᠪᠠᠳᠤᠭᠠᠷ ᠣᠨ ᠤ᠋ ᠰᠤᠷᠤᠭᠴᠢᠳ ᠤ᠋ᠨ ᠬᠢᠴᠢᠶᠡᠯ ᠦ᠋ᠨ ᠪᠢᠴᠢᠭ ᠪᠣᠯᠤᠨ᠎ᠠ᠃
ᠨᠣᠮ ᠤ᠋ᠨ ᠭᠠᠳᠠᠷ ᠲᠠᠯ᠎ᠠ ᠳ᠋ᠤᠨᠢ ᠨᠢᠭᠡ ᠨᠢᠭᠤᠷ ᠬᠣᠭᠣᠰᠣᠨ ᠴᠠᠭᠠᠰᠤ ᠶ᠋ᠢ ᠦᠳᠡᠵᠦ᠂ ᠨᠣᠮ ᠤ᠋ᠨ ᠬᠠᠪᠢᠰᠤ ᠪᠣᠯᠵᠠᠢ᠃ ᠨᠡᠢᠲᠡ ᠭᠤᠴᠢᠨ ᠨᠢᠭᠤᠷ᠃ ᠨᠣᠮ ᠤ᠋ᠨ ᠬᠣᠶᠠᠳᠤᠭᠠᠷ ᠬᠠᠭᠤᠳᠠᠰᠤ ᠠ᠋ᠴᠠ ᠡᠬᠢᠯᠡᠵᠦ《 ᠨᠢᠭᠡᠳᠦᠭᠡᠷ ᠬᠢᠴᠢᠶᠡᠯ᠂ ᠰᠤᠷᠭᠠᠭᠤᠯᠢ ᠳ᠋ᠤ᠌ ᠣᠷᠣᠭᠰᠠᠨ ᠠᠨᠤ 》᠂ 《 ᠬᠣᠶᠠᠳᠤᠭᠠᠷ ᠬᠢᠴᠢᠶᠡᠯ᠂ ᠭᠡᠷ ᠪᠠ ᠰᠤᠷᠭᠠᠭᠤᠯᠢ 》᠂ 《 ᠭᠤᠷᠪᠠᠳᠤᠭᠠᠷ ᠬᠢᠴᠢᠶᠡᠯ᠂ ᠡᠴᠢᠭᠡ ᠶ᠋ᠢᠨ ᠬᠡᠰᠢᠭ 》᠂ 《ᠳᠥᠷᠪᠡᠳᠦᠭᠡᠷ ᠬᠢᠴᠢᠶᠡᠯ᠂ ᠡᠬᠡ ᠶ᠋ᠢᠨ ᠬᠠᠢᠷ᠎ᠠ 》 ᠭᠡᠬᠦ ᠮᠡᠲᠦ ᠪᠡᠷ ᠨᠡᠢᠲᠡ ᠲᠠᠪᠢᠳᠤᠭᠠᠷ ᠬᠢᠴᠢᠶᠡᠯ ᠬᠦᠷᠲᠡᠯ᠎ᠡ ᠪᠦᠬᠦᠨ ᠢ᠋ ᠦᠰᠦᠨ ᠪᠢᠷ ᠦ᠋ᠨ ᠪᠠᠭ᠎ᠠ ᠬᠡᠪ ᠦ᠋ᠨ ᠦᠰᠦᠭ ᠢ᠋ᠶ᠋ᠡᠷ ᠬᠠᠭᠤᠯᠤᠨ ᠪᠢᠴᠢᠵᠡᠢ᠃
ᠬᠣᠶᠠᠳᠤᠭᠠᠷ ᠳᠡᠪᠲᠡᠷ ᠦ᠋ᠨ ᠬᠣᠷᠢᠨ ᠲᠠᠪᠤᠳᠤᠭᠠᠷ ᠬᠢᠴᠢᠶᠡᠯ ᠪᠣᠯᠤᠨ ᠬᠣᠷᠢᠨ ᠵᠢᠷᠭᠤᠳᠤᠭᠠᠷ ᠬᠢᠴᠢᠶᠡᠯ ᠦ᠋ᠨ ᠠᠭᠤᠯᠭ᠎ᠠ ᠶ᠋ᠢ ᠨᠢ ᠦᠵᠡᠭᠦᠯᠪᠡᠯ᠄

《 ᠬᠣᠷᠢᠨ ᠲᠠᠪᠤᠳᠤᠭᠠᠷ ᠬᠢᠴᠢᠶᠡᠯ᠂ < ᠬᠣᠶᠠᠷ ᠮᠡᠯᠡᠬᠡᠢ >᠂ ᠬᠣᠶᠠᠷ ᠮᠡᠯᠡᠬᠡᠢ ᠪᠠᠭ᠎ᠠ ᠨᠠᠭᠤᠷ ᠲᠤ᠌ ᠣᠷᠣᠰᠢᠵᠤ ᠪᠠᠢᠲᠠᠯ᠎ᠠ ᠭᠠᠩ ᠪᠣᠯᠵᠤ ᠤᠰᠤ ᠰᠢᠷᠭᠢᠪᠡᠢ᠂ ᠬᠣᠶᠠᠭᠤᠯᠠ ᠪᠤᠰᠤᠳ ᠲᠡᠰᠢ ᠶᠠᠪᠤᠬᠤ ᠵᠠᠮ ᠳ᠋ᠤᠷ ᠨᠢᠭᠡᠨ ᠬᠤᠳᠳᠤᠭ ᠲᠣᠬᠢᠶᠠᠯᠳᠤᠭᠠᠳ᠂ ᠨᠢᠭᠡᠨ ᠢᠨᠤ ᠣᠷᠣᠰᠤᠭᠠᠢ ᠬᠡᠮᠡᠬᠦᠢ ᠳ᠋ᠦ᠍ᠷ ᠨᠥᠭᠦᠭᠡ ᠢᠨᠤ ᠥᠭᠦᠯᠡᠷᠦᠨ᠂ ᠬᠤᠳᠳᠤᠭ ᠤ᠋ᠨ ᠤᠰᠤ ᠬᠡᠳᠦᠢ ᠰᠠᠢᠨ ᠪᠣᠯᠪᠠᠴᠤ ᠬᠣᠵᠢᠮ ᠬᠡᠷᠪᠡ ᠶᠠᠪᠤᠰᠤᠭᠠᠢ ᠬᠡᠮᠡᠪᠡᠰᠦ ᠬᠡᠷᠬᠢᠨ ᠭᠠᠷᠴᠤ ᠴᠢᠳᠠᠮᠤᠢ ᠬᠡᠮᠡᠪᠡᠢ 》ᠭᠡᠵᠦ ᠪᠢᠴᠢᠭᠡᠳ ᠳᠣᠣᠷ᠎ᠠ ᠲᠠᠯ᠎ᠠ ᠳ᠋ᠤᠨᠢ ᠡᠨᠡ ᠬᠢᠴᠢᠶᠡᠯ ᠢ᠋ᠶ᠋ᠡᠨ ᠳ᠋ᠦᠩᠨᠡᠭᠰᠡᠨ ᠦᠭᠡ 《 ᠭᠠᠩ ᠪᠣᠯᠵᠤ ᠤᠰᠤ ᠰᠢᠷᠭᠢᠪᠡᠢ 》 ᠭᠡᠵᠦ ᠪᠢᠴᠢᠵᠡᠢ᠃ ᠬᠣᠷᠢᠨ ᠵᠢᠷᠭᠤᠳᠤᠭᠠᠷ ᠬᠢᠴᠢᠶᠡᠯ ᠨᠢ ᠪᠢᠷ ᠦ᠋ᠨ ᠲᠤᠬᠠᠢ ᠪᠢᠴᠢᠭᠰᠡᠨ ᠪᠠᠢᠨ᠎ᠠ᠃ 》
《 ᠬᠣᠷᠢᠨ ᠵᠢᠷᠭᠤᠳᠤᠭᠠᠷ ᠬᠢᠴᠢᠶᠡᠯ᠂ < ᠪᠢᠷ >᠂ ᠪᠢᠷ ᠦ᠋ᠨ ᠵᠦᠢᠯ ᠠᠳᠠᠯᠢ ᠦᠭᠡᠢ᠂ ᠮᠠᠨᠵᠤ ᠬᠢᠲᠠᠳ ᠤᠯᠤᠰ ᠲᠤᠷ ᠦᠰᠦ ᠪᠡᠷ ᠬᠢᠮᠦᠢ᠂ ᠬᠠᠷᠢ ᠤᠯᠤᠰ ᠲᠤᠷ ᠪᠣᠯᠣᠳ ᠪᠠ ᠬᠣᠷᠭᠣᠯᠵᠢ ᠪᠠᠷ ᠬᠢᠮᠦᠢ᠂ ᠪᠠᠰᠠ ᠣᠤ ᠶ᠋ᠢᠨ ᠪᠢᠷ᠂ ᠴᠢᠯᠠᠭᠤᠨ ᠪᠢᠷ ᠪᠣᠢ᠂ ᠮᠠᠨ ᠤ᠋ ᠮᠣᠩᠭᠣᠯ ᠠᠩᠬᠠᠨ ᠳ᠋ᠤ᠌ ᠪᠠᠨ ᠬᠤᠯᠤᠰᠤᠨ ᠦᠵᠦᠭ ᠬᠡᠷᠡᠭᠯᠡᠵᠦ ᠪᠥᠯᠥᠭᠡ᠂ ᠬᠣᠵᠢᠮ ᠦᠰᠦ ᠶ᠋ᠢᠨ ᠪᠢᠷ ᠬᠡᠷᠡᠭᠯᠡᠵᠦᠬᠦᠢ 》 ᠭᠡᠵᠦ ᠡᠨᠡ ᠬᠢᠴᠢᠶᠡᠯ ᠦ᠋ᠨ ᠠᠭᠤᠯᠭ᠎ᠠ ᠪᠠᠨ ᠲᠡᠭᠦᠰᠬᠡᠵᠦ᠂ ᠳᠣᠣᠷ᠎ᠠ ᠲᠠᠯ᠎ᠠ ᠳ᠋ᠤᠨᠢ 《 ᠪᠢᠷ᠂ ᠦᠰᠦᠨ ᠪᠢᠷ᠂ ᠬᠤᠯᠤᠰᠤᠨ ᠪᠢᠷ》 ᠭᠡᠵᠦ ᠳ᠋ᠦᠩᠨᠡᠨ ᠪᠢᠴᠢᠵᠡᠢ᠃
ᠭᠤᠷᠪᠠᠳᠤᠭᠠᠷ ᠳᠡᠪᠲᠡᠷ ᠪᠣᠯᠤᠨ ᠳᠥᠷᠪᠡᠳᠦᠭᠡᠷ ᠳᠡᠪᠲᠡᠷ ᠨᠢ (12×24 ) ᠬᠣᠶᠠᠳᠤᠭᠠᠷ ᠳᠡᠪᠲᠡᠷ ᠦ᠋ᠨ ᠤᠳᠬ᠎ᠠ ᠠᠭᠤᠯᠭ᠎ᠠ ᠶ᠋ᠢᠨ ᠰᠠᠭᠤᠷᠢ ᠳᠡᠭᠡᠷ᠎ᠡ ᠭᠦᠨ ᠪᠣᠯᠤᠭᠰᠠᠨ ᠪᠠᠭ᠎ᠠ ᠰᠤᠷᠭᠠᠭᠤᠯᠢ ᠶ᠋ᠢᠨ ᠳᠥᠷᠪᠡ᠂ ᠲᠠᠪᠤ᠂ ᠵᠢᠷᠭᠤᠳᠤᠭᠠᠷ ᠣᠨ ᠤ᠋ ᠰᠤᠷᠤᠭᠴᠢᠳ ᠤ᠋ᠨ ᠬᠢᠴᠢᠶᠡᠯ ᠦ᠋ᠨ ᠪᠢᠴᠢᠭ ᠪᠣᠯᠤᠨ᠎ᠠ᠃
ᠨᠣᠮ ᠤ᠋ᠨ ᠬᠠᠪᠢᠰᠤ ᠨᠢ ᠤᠷᠠᠭᠳᠠᠵᠤ ᠬᠠᠶᠠᠭᠳᠠᠭᠰᠠᠨ ᠪᠣᠯᠬᠣᠷ ᠨᠢᠭᠡᠳᠦᠭᠡᠷ ᠬᠢᠴᠢᠶᠡᠯ ᠦ᠋ᠨ ᠨᠢᠭᠤᠷ ᠠ᠋ᠴᠠ ᠬᠢᠴᠢᠶᠡᠯ ᠦ᠋ᠨ ᠭᠠᠷᠴᠠᠭ ᠨᠢ ᠬᠠᠷᠠᠭᠳᠠᠨ᠎ᠠ᠃ ᠰᠢᠷᠠᠩᠭᠤᠢ ᠲᠣᠷᠭᠠᠨ ᠴᠠᠭᠠᠰᠤ ᠪᠠᠷ ᠬᠢᠭᠰᠡᠨ ᠳᠡᠪᠲᠡᠷ ᠤᠴᠢᠷ ᠠ᠋ᠴᠠ ᠦᠰᠦᠨ ᠪᠢᠷ ᠢ᠋ᠶ᠋ᠡᠷ ᠪᠢᠴᠢᠬᠦ ᠳ᠋ᠦ᠍ ᠡᠪ ᠲᠡᠢ ᠰᠠᠢᠬᠠᠨ ᠪᠣᠯᠵᠠᠢ᠃ ᠡᠨᠡ ᠬᠣᠶᠠᠷ ᠳᠡᠪᠲᠡᠷ ᠢ᠋ ᠪᠦᠷ ᠳᠡᠭᠡᠷ᠎ᠡ ᠳᠤᠮᠳᠠ ᠳᠣᠣᠷ᠎ᠠ ᠭᠤᠷᠪᠠᠨ ᠭᠠᠵᠠᠷ ᠴᠠᠭᠠᠰᠤᠨ ᠳᠡᠭᠡᠰᠦ ᠪᠡᠷ ᠦᠳᠡᠨ ᠣᠶᠣᠭᠰᠠᠨ ᠪᠣᠯᠬᠣᠷ ᠡᠷᠲᠡ ᠡᠴᠡ ᠤᠯᠠᠮᠵᠢᠯᠠᠵᠤ ᠢᠷᠡᠭᠰᠡᠨ ᠨᠢ ᠲᠣᠳᠣᠷᠬᠠᠢ ᠮᠡᠳᠡᠭᠳᠡᠨ᠎ᠡ᠃ ᠲᠤᠰ ᠪᠦᠷᠢ ᠬᠣᠷᠢᠨ ᠨᠢᠭᠤᠷ ᠲᠠᠢ᠃ ᠡᠨᠡ ᠬᠣᠶᠠᠷ ᠳᠡᠪᠲᠡᠷ ᠦ᠋ᠨ ᠵᠠᠷᠢᠮ ᠬᠢᠴᠢᠶᠡᠯ ᠢ᠋ ᠨᠢ ᠪᠢᠴᠢᠵᠦ ᠦᠵᠡᠭᠦᠯᠪᠡᠯ᠄

《ᠠᠷᠪᠠᠨ ᠨᠢᠭᠡᠳᠦᠭᠡᠷ ᠬᠢᠴᠢᠶᠡᠯ᠂ <ᠴᠢᠩ ᠦᠨᠡᠨ ᠠᠨᠤ>᠂ ᠰᠢᠷᠡᠭᠡᠨ ᠳᠡᠭᠡᠷ᠎ᠡ ᠲᠠᠯᠪᠢᠭᠰᠠᠨ ᠴᠠᠢ ᠶ᠋ᠢᠨ ᠬᠤᠪᠢᠩ ᠬᠠᠭᠠᠷᠠᠵᠤ ᠴᠠᠢ ᠠᠰᠬᠠᠭᠰᠠᠨ ᠳ᠋ᠤᠷ ᠪᠠᠲᠤ ᠬᠥᠪᠡᠭᠦᠨ ᠶᠡᠬᠡᠯ᠎ᠡ ᠭᠡᠯᠮᠡᠪᠡᠢ᠂ ᠤᠳᠠᠭᠰᠠᠨ ᠦᠭᠡᠢ ᠡᠴᠢᠭᠡ ᠠᠨᠤ ᠢᠷᠡᠭᠡᠳ ᠬᠡᠨ ᠤᠨᠠᠭᠠᠪᠠᠢ ᠭᠡᠮᠡᠨ ᠠᠰᠠᠭᠤᠭᠰᠠᠨ ᠳ᠋ᠤᠷ ᠪᠠᠲᠤ ᠬᠥᠪᠡᠭᠦᠨ ᠪᠢ ᠭᠡᠮᠡᠨ ᠬᠦᠯᠢᠶᠡᠨ ᠠᠪᠤᠭᠰᠠᠨ᠎ᠠ ᠡᠴᠢᠭᠡ ᠠᠨᠤ ᠲᠡᠭᠦᠨ ᠦ᠌ ᠴᠢᠩ ᠦᠨᠡᠨ ᠳ᠋ᠦ᠍ᠷ ᠪᠡᠶᠡᠰᠦᠨ ᠡᠨᠳᠡᠭᠦᠷᠡᠯ ᠢ᠋ ᠠᠨᠤ ᠰᠢᠭᠤᠳ ᠠᠭᠤᠴᠢᠯᠠᠵᠤᠬᠤᠢ 》ᠭᠡᠵᠡᠢ᠃ ᠳᠥᠷᠪᠡᠳᠦᠭᠡᠷ ᠳᠡᠪᠲᠡᠷ ᠦ᠋ᠨ ᠠᠷᠪᠠᠨ ᠭᠤᠷᠪᠠᠳᠤᠭᠠᠷ ᠬᠢᠴᠢᠶᠡᠯ ᠢ᠋ ᠨᠢ ᠦᠵᠡᠭᠦᠯᠪᠡᠯ᠄

ᠭᠤᠷᠪᠠ ᠠᠳᠠᠯᠢᠪᠢᠰᠢ ᠶ᠋ᠢᠨ ᠮᠣᠩᠭᠣᠯ ᠤᠷᠠᠨ ᠪᠢᠴᠢᠯᠭᠡ ᠶ᠋ᠢᠨ ᠲᠢᠭ ᠬᠡᠯᠪᠡᠷᠢ
ᠠᠳᠠᠯᠢᠪᠢᠰᠢ ᠶ᠋ᠢᠨ ᠮᠣᠩᠭᠣᠯ ᠤᠷᠠᠨ ᠪᠢᠴᠢᠯᠭᠡ ᠪᠣᠯ ᠢᠳᠡᠷᠡᠭᠦᠨ ᠴᠢᠭᠢᠷᠠᠭ ᠲᠥᠪ ᠪᠢᠴᠢᠯᠭᠡ ᠪᠣᠯᠤᠨ᠎ᠠ᠃
ᠦᠰᠦᠭ ᠦ᠋ᠨ ᠡᠬᠢᠨ ᠳ᠋ᠦ᠍ ᠪᠢᠴᠢᠬᠦ 《 ᠠ 》 ᠲᠣᠯᠣᠭᠠᠢ ᠶ᠋ᠢᠨ ᠲᠢᠲᠢᠮ᠂ 《 ᠪᠠ》 ᠲᠣᠯᠣᠭᠠᠢ ᠶ᠋ᠢᠨ ᠲᠣᠭᠣᠷᠢᠭ ᠨᠤᠮᠤ᠂ 《ᠬᠠ 》ᠲᠣᠯᠣᠭᠠᠢ ᠶ᠋ᠢᠨ ᠠᠩᠭᠠᠷᠬᠠᠢ ᠨᠤᠮᠤ᠂ 《 ᠮᠠ 》 ᠲᠣᠯᠣᠭᠠᠢ ᠶ᠋ᠢᠨ ᠭᠡᠵᠢᠭᠡ᠂ 《 ᠯᠠ 》 ᠲᠣᠯᠣᠭᠠᠢ ᠶ᠋ᠢᠨ ᠡᠪᠡᠷ᠂《 ᠲᠠ》 ᠲᠣᠯᠣᠭᠠᠢ ᠶ᠋ᠢᠨ ᠪᠢᠲᠡᠭᠦᠦ ᠲᠣᠯᠣᠭᠠᠢ ᠁ ᠶ᠋ᠢᠨ ᠵᠢᠷᠤᠯᠭ᠎ᠠ ᠶ᠋ᠢ ᠢᠳᠡ ᠬᠦᠴᠦᠨ ᠲᠡᠢ ᠡᠬᠢᠯᠡᠵᠦ᠂ ᠳᠠᠷᠠᠭ᠎ᠠ ᠨᠢ ᠵᠠᠯᠭᠠᠨ ᠪᠢᠴᠢᠬᠦ ᠠᠴᠤᠭ ᠰᠢᠯᠪᠢ᠂ ᠭᠡᠳᠡᠰᠦ ᠬᠥᠩᠬᠥᠷ ᠵᠡᠷᠭᠡ ᠳᠤᠮᠳᠠ ᠣᠷᠣᠬᠤ ᠵᠢᠷᠤᠯᠭ᠎ᠠ ᠨᠤᠭᠤᠳ ᠨᠢ ᠴᠦ᠍ ᠡᠷᠴᠢᠮ ᠲᠡᠢ ᠡᠬᠢᠯᠡᠭᠰᠡᠨ᠃ ᠴᠠᠭᠠᠨ ᠲᠣᠯᠣᠭᠠᠢ ᠶ᠋ᠢᠨ ᠪᠢᠴᠢᠯᠭᠡ ᠶ᠋ᠢ ᠵᠠᠯᠭᠠᠯᠳᠤᠭᠤᠯᠤᠨ ᠨᠢᠭᠲᠠᠷᠠᠭᠤᠯᠵᠤ᠂ ᠦᠰᠦᠭ ᠦ᠋ᠨ ᠰᠡᠭᠦᠯ ᠳ᠋ᠦ᠍ ᠪᠢᠴᠢᠬᠦ ᠤᠷᠤᠭᠰᠢᠯᠠᠭ᠎ᠠ᠂ ᠣᠷᠬᠢᠴᠠ᠂ ᠴᠠᠴᠤᠯᠭ᠎ᠠ ᠶ᠋ᠢ ᠴᠦ᠍ ᠡᠪ ᠵᠦᠢ ᠲᠡᠢ ᠲᠣᠬᠢᠷᠠᠭᠤᠯᠤᠨ ᠵᠣᠬᠢᠴᠠᠭᠤᠯᠵᠠᠢ᠃
ᠦᠰᠦᠭ ᠦ᠋ᠨ ᠶᠡᠬᠡ ᠪᠠᠭ᠎ᠠ ᠶ᠋ᠢᠨ ᠬᠤᠪᠢ ᠳ᠋ᠤ᠌ ᠪᠠᠭ᠎ᠠ ᠬᠡᠪ ᠦ᠋ᠨ ᠦᠰᠦᠭ ᠪᠣᠯᠤᠨ᠎ᠠ᠃ ᠣᠳᠣ ᠶ᠋ᠢᠨ ᠪᠣᠣᠱᠠᠨ ᠤ᠋ ᠬᠠᠭᠤᠯᠤᠨ ᠪᠢᠴᠢᠭᠰᠡᠨ ᠪᠠᠭ᠎ᠠ ᠰᠤᠷᠭᠠᠭᠤᠯᠢ ᠶ᠋ᠢᠨ ᠬᠢᠴᠢᠶᠡᠯ ᠦ᠋ᠨ ᠪᠢᠴᠢᠭ ᠦ᠋ᠨ ᠦᠰᠦᠭ ᠦ᠋ᠨ ᠶᠡᠬᠡ ᠪᠠᠭ᠎ᠠ ᠲᠠᠢ ᠦᠨᠳᠦᠰᠦᠨ ᠳ᠋ᠦ᠍ ᠪᠡᠨ ᠠᠳᠠᠯᠢᠪᠲᠤᠷ᠃ ᠲᠡᠷᠡ ᠦᠶ᠎ᠡ ᠳ᠋ᠦ᠍ ᠪᠠᠭᠠᠰᠬᠠᠵᠤ ᠲᠣᠮᠣᠷᠠᠭᠤᠯᠬᠤ ᠮᠠᠰᠢᠨ ᠦᠭᠡᠢ ᠪᠠᠢᠳᠠᠯ ᠳᠣᠣᠷ᠎ᠠ ᠲᠡᠢᠮᠦ ᠣᠯᠠᠨ ᠬᠢᠴᠢᠶᠡᠯ ᠦ᠋ᠨ ᠪᠢᠴᠢᠭ ᠢ᠋ ᠲᠡᠢᠮᠦ ᠪᠠᠭ᠎ᠠ ᠬᠡᠯᠪᠡᠷᠢ ᠲᠡᠢ ᠪᠡᠷ ᠳᠠᠷᠢ ᠲᠡᠭᠰᠢ ᠭᠣᠶᠣ ᠰᠠᠢᠬᠠᠨ ᠪᠢᠴᠢᠨ᠎ᠡ ᠭᠡᠳᠡᠭ ᠴᠢᠨᠢ ᠪᠠᠰᠠ ᠬᠢᠯᠪᠠᠷ ᠪᠤᠰᠤ ᠶᠠᠪᠤᠳᠠᠯ ᠪᠢᠯᠡ᠃
ᠬᠡᠳᠦᠨ ᠳᠡᠪᠲᠡᠷ ᠵᠢᠭᠠᠬᠤ ᠪᠢᠴᠢᠭ ᠦ᠋ᠨ ᠦᠭᠡ ᠥᠭᠦᠯᠡᠪᠦᠷᠢ ᠶ᠋ᠢᠨ ᠳᠤᠮᠳᠠ ᠪᠠ ᠰᠡᠭᠦᠯ ᠳ᠋ᠦ᠍ᠨᠢ ᠪᠦᠷ ᠳᠠᠩ ᠴᠡᠭ ᠢ᠋ ᠬᠡᠷᠡᠭᠯᠡᠵᠡᠢ᠃ ᠥᠭᠦᠯᠡᠪᠦᠷᠢ ᠶ᠋ᠢᠨ ᠲᠡᠭᠦᠰᠬᠡᠯ ᠳ᠋ᠦ᠍ ᠳᠠᠪᠬᠤᠷ ᠴᠡᠭ ᠢ᠋ ᠬᠡᠷᠡᠭᠯᠡᠭᠰᠡᠨ ᠦᠭᠡᠢ᠃ ᠥᠭᠡᠷ᠎ᠡ ᠵᠦᠢᠯ ᠦ᠋ᠨ ᠴᠡᠭ ᠲᠡᠮᠳᠡᠭ ᠢ᠋ ᠴᠦ᠍ ᠬᠡᠳᠦᠨ ᠳᠡᠪᠲᠡᠷ ᠵᠢᠭᠠᠬᠤ ᠪᠢᠴᠢᠭ ᠦ᠋ᠨ ᠳᠣᠲᠣᠷ᠎ᠠ ᠪᠠᠨ ᠡᠰᠡ ᠬᠡᠷᠡᠭᠯᠡᠵᠡᠢ᠃ ᠪᠦᠬᠦ ᠪᠢᠴᠢᠭ ᠦ᠋ᠨ ᠦᠰᠦᠭ ᠪᠦᠷᠢ ᠶ᠋ᠢᠨ ᠶᠡᠬᠡ ᠪᠠᠭ᠎ᠠ ᠨᠢ ᠠᠳᠠᠯᠢᠪᠲᠤᠷ᠂ ᠮᠥᠷ᠂ ᠮᠥᠷ ᠦ᠋ᠨ ᠬᠣᠭᠣᠷᠣᠨᠳᠣᠬᠢ ᠵᠠᠢ ᠵᠠᠪᠰᠠᠷ ᠨᠢ ᠠᠳᠠᠯᠢ ᠲᠡᠭᠰᠢ᠂ ᠬᠡᠳᠦᠨ ᠳᠡᠪᠲᠡᠷ ᠵᠢᠭᠠᠬᠤ ᠪᠢᠴᠢᠭ ᠦ᠋ᠨ ᠦᠰᠦᠭ ᠦ᠋ᠨ ᠶᠡᠬᠡ ᠪᠠᠭ᠎ᠠ ᠨᠢ ᠠᠳᠠᠯᠢ ᠲᠡᠭᠰᠢ᠂ ᠶᠣᠰᠣᠲᠠᠢ ᠨᠢᠭᠡᠨ ᠪᠢᠴᠢᠯᠭᠡ ᠶ᠋ᠢᠨ ᠲᠠᠯ᠎ᠠ ᠪᠠᠷ ᠢᠳᠡᠷᠡᠭᠦᠨ ᠴᠢᠭᠢᠷᠠᠭ᠂ ᠬᠡᠯᠪᠡᠷᠢ ᠶ᠋ᠢᠨ ᠲᠠᠯ᠎ᠠ ᠪᠠᠷ ᠡᠪ ᠵᠣᠬᠢᠰ ᠲᠠᠢ᠂ ᠤᠷᠠᠯᠢᠭ ᠤ᠋ᠨ ᠲᠠᠯ᠎ᠠ ᠪᠠᠷ ᠰᠢᠨᠵᠢᠯᠡᠨ ᠰᠤᠳᠤᠯᠤᠭᠤᠰᠢᠲᠠᠢ ᠤᠷᠠᠨ ᠪᠦᠲᠦᠭᠡᠯ ᠪᠣᠯᠤᠭᠰᠠᠨ ᠪᠠᠢᠨ᠎ᠠ᠃ ᠪᠦᠬᠦᠢᠯᠡ ᠵᠢᠭᠠᠬᠤ ᠪᠢᠴᠢᠭ ᠦ᠋ᠨ ᠬᠡᠯᠡ ᠬᠡᠯᠡᠯᠭᠡ ᠨᠢ ᠬᠠᠭᠤᠴᠢᠨ ᠪᠢᠴᠢᠭ ᠦ᠋ᠨ ᠳᠡᠪᠲᠡᠷ ᠲᠦ᠍ ᠣᠯᠠᠨ ᠬᠡᠷᠡᠭᠯᠡᠳᠡᠭ 《 ᠣᠳᠬᠤᠢ ᠳ᠋ᠤᠷ᠂ ᠶᠠᠪᠤᠪᠠᠰᠤ ᠶᠠᠪᠤᠪᠠᠢ ᠁ ᠲᠡᠢᠮᠦ ᠪᠣᠯᠪᠠᠰᠤ ᠡᠢᠮᠦ ᠪᠣᠯᠪᠠᠢ᠂ ᠶᠠᠭᠠᠬᠢᠪᠠᠰᠤ ᠵᠣᠬᠢᠮᠤᠢ᠂ ᠴᠢᠬᠤᠯᠠ ᠶᠣᠰᠣᠨ ᠪᠣᠯᠠᠢ ᠬᠡᠮᠡᠵᠦᠬᠦᠢ᠂ ᠠᠰᠠᠭᠤᠬᠤᠢ ᠳ᠋ᠤᠷ ᠳᠤᠷᠠᠲᠠᠢ ᠠᠨᠤ᠂ ᠡᠴᠢᠭᠡ ᠡᠬᠡ ᠪᠡᠨ ᠬᠦᠨᠳᠦᠯᠡᠬᠦᠢ ᠢᠨᠦ ᠁ 》ᠭᠡᠬᠦ ᠮᠡᠲᠦ ᠶ᠋ᠢᠨ ᠡᠷᠲᠡᠨ ᠦ᠌ ᠤᠷᠠᠨ ᠵᠣᠬᠢᠶᠠᠯ ᠤ᠋ᠨ ᠬᠡᠯᠡ ᠬᠡᠯᠡᠯᠭᠡ ᠶ᠋ᠢ ᠨᠡᠢᠳᠡᠮ ᠬᠡᠷᠡᠭᠯᠡᠵᠡᠢ᠃
ᠳᠥᠷᠪᠡ ᠠᠳᠠᠯᠢᠪᠢᠰᠢ ᠶ᠋ᠢᠨ ᠮᠣᠩᠭᠣᠯ ᠤᠷᠠᠨ ᠪᠢᠴᠢᠯᠭᠡ ᠶ᠋ᠢᠨ ᠨᠥᠯᠥᠭᠡ ᠲᠤᠰᠬᠠᠯ
ᠠᠳᠠᠯᠢᠪᠢᠰᠢ ᠶ᠋ᠢᠨ ᠮᠣᠩᠭᠣᠯ ᠤᠷᠠᠨ ᠪᠢᠴᠢᠯᠭᠡ ᠂ ᠲᠡᠭᠦᠨ ᠦ᠌ ᠳᠠᠷᠠᠭᠠᠬᠢ ᠨᠡᠯᠢᠶᠡᠳ ᠣᠯᠠᠨ ᠠᠯᠳᠠᠷᠲᠤ ᠮᠣᠩᠭᠣᠯ ᠤᠷᠠᠨ ᠪᠢᠴᠢᠯᠭᠡᠳᠡᠳ ᠲᠦ᠍ ᠦᠯᠢᠭᠡᠷ ᠳᠠᠭᠤᠷᠢᠶᠠᠯ ᠪᠣᠯᠵᠤ᠂ ᠪᠠᠭ᠎ᠠ ᠪᠤᠰᠤ ᠶ᠋ᠢᠨ ᠬᠥᠮᠦᠰ ᠦ᠋ᠨ ᠭᠠᠷ ᠤ᠋ᠨ ᠲᠢᠭ ᠢ᠋ ᠨᠥᠯᠥᠭᠡᠯᠡᠭᠰᠡᠨ ᠪᠠᠢᠨ᠎ᠠ᠃
ᠮᠣᠩᠭᠣᠯ ᠤᠷᠠᠨ ᠪᠢᠴᠢᠯᠭᠡ ᠶ᠋ᠢᠨ ᠳᠠᠷᠬᠠᠨ ᠴᠣᠯᠠ ᠲᠠᠢ ᠠᠯᠳᠠᠷᠲᠤ ᠤᠷᠠᠨ ᠪᠢᠴᠢᠯᠭᠡᠲᠡᠨ ᠨᠠᠢᠷᠠᠯᠲᠤ ᠶ᠋ᠢᠨ ᠤᠷᠠᠨ ᠪᠢᠴᠢᠯᠭᠡ ᠶ᠋ᠢᠨ ᠤᠷᠤᠭᠰᠢᠯᠠᠭ᠎ᠠ᠂ ᠴᠠᠴᠤᠯᠭ᠎ᠠ ᠨᠢ ᠲᠡᠷᠡ ᠬᠡᠪ ᠢ᠋ᠶ᠋ᠡᠷ ᠢ᠋ᠶ᠋ᠡᠨ ᠠᠳᠠᠯᠢᠪᠢᠰᠢ ᠶ᠋ᠢᠨ ᠤᠷᠠᠨ ᠪᠢᠴᠢᠯᠭᠡ ᠶ᠋ᠢᠨ ᠤᠷᠤᠭᠰᠢᠯᠠᠭ᠎ᠠ ᠴᠠᠴᠤᠯᠭ᠎ᠠ ᠠ᠋ᠴᠠ ᠢᠷᠡᠯᠲᠡ ᠲᠡᠢ᠃ ᠤᠰᠤᠨ ᠳ᠋ᠤ᠌ ᠰᠤᠷᠪᠤᠯᠵᠢ ᠭᠡᠵᠦ ᠪᠠᠢᠳᠠᠭ᠂ ᠰᠣᠶᠣᠯ ᠳ᠋ᠤ᠌ ᠡᠬᠢ ᠦᠨᠳᠦᠰᠦ ᠭᠡᠵᠦ ᠪᠠᠢᠳᠠᠭ᠂ ᠳᠡᠭᠡᠳᠦ ᠲᠡᠭᠷᠢ ᠡᠴᠡ ᠭᠡᠨᠡᠳᠲᠡ ᠪᠠᠭᠤᠵᠤ ᠢᠷᠡᠭᠰᠡᠨ ᠰᠣᠶᠣᠯ ᠭᠡᠵᠦ ᠬᠠᠮᠢᠭ᠎ᠠ ᠪᠠᠢᠬᠤ ᠪᠢᠯᠡ ? ᠪᠦᠷ ᠳᠡᠭᠡᠷ᠎ᠡ ᠦᠶ᠎ᠡ ᠶ᠋ᠢᠨ ᠶᠠᠮᠠᠷ ᠨᠢᠭᠡ ᠬᠥᠮᠦᠨ ᠡᠴᠡ ᠤᠯᠠᠮᠵᠢᠯᠠᠵᠤ ᠢᠷᠡᠭᠰᠡᠨ ᠨᠢ ᠦᠨᠡᠨ ᠲᠡᠢ᠃
ᠮᠣᠩᠭᠣᠯ ᠤᠷᠠᠨ ᠪᠢᠴᠢᠯᠭᠡ ᠶ᠋ᠢᠨ ᠵᠡᠭᠦᠨ ᠣᠷᠣᠨ ᠲᠥᠪ ᠪᠢᠴᠢᠯᠭᠡ ᠶ᠋ᠢᠨ ᠠᠪᠤᠷᠭᠤ ᠭᠡᠮᠡᠨ ᠠᠯᠳᠠᠷᠰᠢᠭᠰᠠᠨ ᠡᠷᠳᠡᠨᠢᠪᠥ᠋ᠬᠡ ᠶ᠋ᠢᠨ ᠲᠢᠭ ᠬᠡᠯᠪᠡᠷᠢ ᠪᠣᠯ ᠠᠳᠠᠯᠢᠪᠢᠰᠢ ᠶ᠋ᠢᠨ ᠮᠣᠩᠭᠣᠯ ᠤᠷᠠᠨ ᠪᠢᠴᠢᠯᠭᠡ ᠶ᠋ᠢᠨ ᠲᠢᠭ ᠬᠡᠯᠪᠡᠷᠢ ᠶ᠋ᠢᠨ ᠰᠠᠭᠤᠷᠢ ᠳᠡᠭᠡᠷ᠎ᠡ ᠪᠣᠢ ᠪᠣᠯᠤᠭᠰᠠᠨ ᠯᠠᠭᠱᠠᠨ ᠪᠠᠳᠠᠷᠠᠭᠤᠨ ᠪᠢᠴᠢᠯᠭᠡ ᠪᠣᠯᠤᠨ᠎ᠠ᠃ ᠡᠭᠦᠨ ᠡᠴᠡ ᠭᠠᠳᠠᠨ᠎ᠠ ᠮᠣᠩᠭᠣᠯ ᠤᠷᠠᠨ ᠪᠢᠴᠢᠯᠭᠡᠲᠡᠨ ᠮᠥᠷᠲᠡᠭᠡᠨ ᠮᠣᠩᠭᠣᠯ ᠤᠷᠠᠨ ᠪᠢᠴᠢᠯᠭᠡ ᠶ᠋ᠢᠨ ᠣᠨᠣᠯ ᠤ᠋ᠨ ᠰᠤᠳᠤᠯᠭᠠᠲᠠᠨ ᠰᠣᠳᠣ᠂ ᠰ ᠣᠳᠬᠣᠨᠪᠠᠶᠠᠷ ᠤ᠋ᠨ ᠤᠷᠠᠨ ᠪᠢᠴᠢᠯᠭᠡ ᠶ᠋ᠢᠨ 《 ᠠ 》ᠲᠣᠯᠣᠭᠠᠢ ᠶ᠋ᠢᠨ ᠲᠢᠲᠢᠮ ᠦ᠋ᠨ ᠵᠢᠷᠤᠯᠭ᠎ᠠ ᠪᠣᠯᠤᠨ ᠦᠰᠦᠭ ᠦ᠋ᠨ ᠪᠦᠬᠦ ᠶᠠᠩᠵᠤ ᠬᠡᠯᠪᠡᠷᠢ ᠨᠢ ᠠᠳᠠᠯᠢᠪᠢᠰᠢ ᠶ᠋ᠢᠨ ᠮᠣᠩᠭᠣᠯ ᠤᠷᠠᠨ ᠪᠢᠴᠢᠯᠭᠡ ᠶ᠋ᠢᠨ ᠶᠠᠩᠵᠤ ᠬᠡᠯᠪᠡᠷᠢ ᠲᠡᠢ ᠦᠨᠳᠦᠰᠦᠨ ᠳ᠋ᠦ᠍ ᠪᠡᠨ ᠠᠳᠠᠯᠢᠬᠠᠨ ᠤᠴᠢᠷ ᠰᠤᠷᠪᠤᠯᠵᠢ ᠨᠢᠭᠡ ᠲᠡᠢ ᠪᠢᠴᠢᠯᠭᠡ ᠶ᠋ᠢᠨ ᠤᠷᠤᠰᠬᠠᠯ ᠳ᠋ᠤ᠌ ᠪᠠᠭᠲᠠᠭᠠᠨ ᠦᠵᠡᠵᠦ ᠪᠣᠯᠤᠨ᠎ᠠ᠃
ᠮᠣᠩᠭᠣᠯ ᠤᠷᠠᠨ ᠪᠢᠴᠢᠯᠭᠡᠲᠡᠨ ᠠᠶᠤᠰᠢᠵᠠᠪ᠂ ᠵᠣᠷᠢᠭᠲᠤ᠂ ᠴᠡᠭᠡᠯᠬᠡᠨ᠂ ᠲᠤᠶᠠᠭ᠎ᠠ ᠵᠡᠷᠭᠡ ᠬᠥᠮᠦᠰ ᠦ᠋ᠨ ᠭᠠᠷ ᠤ᠋ᠨ ᠲᠢᠭ ᠨᠢ ᠴᠦ᠍ ᠡᠨᠡ ᠬᠦ᠌ ᠪᠢᠴᠢᠯᠭᠡ ᠶ᠋ᠢᠨ ᠤᠷᠤᠰᠬᠠᠯ ᠳ᠋ᠤ᠌ ᠪᠠᠭᠲᠠᠨ᠎ᠠ᠃ ᠠᠳᠠᠯᠢᠪᠢᠰᠢ ᠵᠢᠨ ᠤᠷᠠᠨ ᠪᠢᠴᠢᠯᠭᠡ ᠵᠢᠷᠢᠮ ᠠᠢᠮᠠᠭ ᠤ᠋ᠨ ᠨᠡᠯᠢᠶᠡᠳ ᠣᠯᠠᠨ ᠤᠷᠠᠨ ᠪᠢᠴᠢᠯᠭᠡᠳᠡᠳ ᠪᠣᠯᠤᠨ ᠵᠢᠷᠢᠮ ᠠᠢᠮᠠᠭ ᠠ᠋ᠴᠠ ᠪᠠᠭ᠎ᠠ ᠪᠤᠰᠤ ᠭᠠᠳᠠᠨ᠎ᠠ ᠭᠠᠵᠠᠷ ᠤ᠋ᠨ ᠬᠥᠮᠦᠰ ᠦ᠋ᠨ ᠪᠢᠴᠢᠯᠭᠡ ᠶ᠋ᠢᠨ ᠬᠡᠪ ᠨᠠᠮᠪᠠ ᠶ᠋ᠢ ᠨᠥᠯᠥᠭᠡᠯᠡᠵᠦ᠂ ᠲᠡᠳᠡᠨ ᠦ᠌ ᠳᠠᠭᠤᠷᠢᠶᠠᠨ ᠪᠢᠴᠢᠬᠦ ᠦᠯᠢᠭᠡᠷ ᠦᠰᠦᠭ ᠪᠣᠯᠤᠭᠰᠠᠨ ᠨᠢ ᠮᠡᠳᠡᠭᠡᠵᠢ᠃ ᠡᠷᠲᠡ ᠳᠡᠭᠡᠳᠦ ᠦᠶ᠎ᠡ ᠡᠴᠡ ᠮᠠᠨ ᠤ᠋ ᠥᠪᠥᠷ ᠮᠣᠩᠭᠣᠯ ᠣᠷᠣᠨ ᠤ᠋ ᠡᠯ᠎ᠡ ᠠᠢᠮᠠᠭ ᠬᠣᠰᠢᠭᠤ ᠰᠢᠶᠠᠨ ᠢ᠋ᠶ᠋ᠠᠷ ᠪᠦᠷ ᠡᠳᠦᠢ ᠲᠡᠳᠦᠢ ᠨᠡᠷ᠎ᠡ ᠲᠥᠷᠥ ᠲᠡᠢ ᠮᠣᠩᠭᠣᠯ ᠤᠷᠠᠨ ᠪᠢᠴᠢᠯᠭᠡᠲᠡᠨ ᠪᠠᠢᠭᠰᠠᠨ ᠶᠤᠮ᠂ ᠠᠳᠠᠯᠢᠪᠢᠰᠢ ᠶ᠋ᠢᠨ ᠲᠡᠷᠡ ᠦᠶ᠎ᠡ᠂ ᠨᠡᠩ ᠪᠣᠳᠠᠲᠠᠢ ᠪᠠᠷ ᠬᠡᠯᠡᠪᠡᠯ᠂ ᠴᠢᠩ ᠤᠯᠤᠰ ᠤ᠋ᠨ ᠰᠡᠭᠦᠯᠴᠢ᠂ ᠳᠤᠮᠳᠠᠳᠤ ᠢᠷᠭᠡᠨ ᠤᠯᠤᠰ ᠤ᠋ᠨ ᠪᠦᠬᠦᠢ ᠯᠡ ᠴᠠᠭ ᠦᠶ᠎ᠡ ᠪᠣᠯᠤᠨ ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ ᠤ᠋ᠨ ᠡᠬᠢᠨ ᠦ᠌ ᠦᠶ᠎ᠡ ᠶ᠋ᠢᠨ ᠵᠢᠷᠢᠮ ᠠᠢᠮᠠᠭ ᠤ᠋ᠨ ᠳᠣᠲᠣᠷ᠎ᠠ ᠬᠠᠮᠤᠭ ᠠᠯᠳᠠᠷ ᠨᠡᠷ᠎ᠡ ᠲᠡᠢ ᠮᠣᠩᠭᠣᠯ ᠤᠷᠠᠨ ᠪᠢᠴᠢᠯᠭᠡᠲᠡᠨ ᠪᠠᠢᠭᠰᠠᠨ ᠭᠡᠳᠡᠭ ᠢ᠋ ᠲᠡᠦᠬᠡ ᠭᠡᠷᠡᠴᠢᠯᠡᠵᠦ ᠪᠠᠢᠨ᠎ᠠ᠃ ᠣᠳᠣ ᠶ᠋ᠢᠨ ᠵᠢᠷᠢᠮ ᠠᠢᠮᠠᠭ ᠤ᠋ᠨ ᠨᠡᠯᠢᠶᠡᠳ ᠬᠡᠳᠦᠨ ᠰᠠᠢᠬᠠᠨ ᠪᠢᠴᠢᠳᠡᠭ ᠤᠷᠠᠨ ᠪᠢᠴᠢᠯᠭᠡᠲᠡᠳ ᠦ᠋ᠨ ᠲᠥᠪ ᠪᠢᠴᠢᠯᠭᠡ ᠨᠢ ᠪᠦᠷ ᠠᠳᠠᠯᠢᠪᠢᠰᠢ ᠶ᠋ᠢᠨ ᠭᠠᠷ ᠤ᠋ᠨ ᠲᠢᠭ ᠡᠴᠡ ᠡᠬᠢ ᠨᠢᠭᠡ ᠲᠤᠯᠠ ᠬᠠᠷᠢᠯᠴᠠᠨ ᠳᠠᠭᠤᠷᠢᠶᠠᠵᠤ ᠨᠢᠭᠡ ᠯᠡ ᠰᠤᠷᠪᠤᠯᠵᠢ ᠳ᠋ᠤ᠌ ᠣᠷᠣᠭᠤᠯᠤᠨ ᠦᠵᠡᠵᠦ ᠪᠣᠯᠤᠨ᠎ᠠ᠃ ᠡᠢᠮᠦ ᠡᠴᠡ ᠲᠡᠷᠡ ᠦᠶ᠎ᠡ ᠡᠴᠡ ᠣᠳᠣ ᠪᠣᠯᠲᠠᠯ᠎ᠠ ᠠᠳᠠᠯᠢᠪᠢᠰᠢ ᠪᠣᠯ ᠵᠢᠷᠢᠮ ᠠᠢᠮᠠᠭ ᠤ᠋ᠨ ᠲᠦᠷᠦᠭᠦᠦ ᠤᠷᠠᠨ ᠪᠢᠴᠢᠯᠭᠡᠲᠡᠨ ᠪᠠᠢᠵᠠᠢ ᠭᠡᠰᠡᠨ ᠢ᠋ ᠮᠡᠳᠡᠵᠦ ᠪᠣᠯᠤᠨ᠎ᠠ ᠃ ᠲᠡᠭᠦᠨ ᠦ᠌ ᠤᠷᠠᠨ ᠪᠢᠴᠢᠯᠭᠡ ᠶ᠋ᠢᠨ ᠨᠥᠯᠥᠭᠡ ᠡᠴᠡ ᠣᠳᠣ ᠴᠤ᠌ ᠰᠠᠯᠵᠤ ᠭᠠᠷᠤᠭᠠᠳᠤᠢ ᠰᠢᠭ᠋ ᠪᠠᠢᠨ᠎ᠠ᠃
1980 ᠣᠨ ᠳ᠋ᠤ᠌ ᠤᠷᠠᠨ ᠪᠢᠴᠢᠯᠭᠡᠲᠡᠨ ᠪᠠᠢ ᠪᠥᠬᠡ ᠫᠷᠣᠹᠧᠰᠰᠣᠷ ᠡᠷᠳᠡᠨᠢᠪᠥ᠋ᠬᠡ ᠶ᠋ᠢ ᠰᠤᠷᠪᠤᠯᠵᠢᠯᠠᠬᠤ ᠶ᠋ᠢᠨ ᠶᠠᠪᠤᠴᠠ ᠳ᠋ᠤ᠌ ᠪᠠᠨ ᠡᠷᠳᠡᠨᠢᠪᠥ᠋ᠬᠡ ᠡᠴᠡ ᠠᠳᠠᠯᠢᠪᠢᠰᠢ ᠭᠡᠳᠡᠭ ᠤᠷᠠᠨ ᠪᠢᠴᠢᠯᠭᠡ ᠶ᠋ᠢᠨ ᠠᠪᠤᠷᠭᠤ ᠬᠥᠮᠦᠨ ᠪᠠᠢᠬᠤ ᠶ᠋ᠢ ᠣᠯᠵᠤ ᠮᠡᠳᠡᠵᠦ ᠲᠤᠰᠬᠠᠢ ᠰᠤᠷᠪᠤᠯᠵᠢᠯᠠᠭ᠎ᠠ ᠰᠤᠳᠤᠯᠭ᠎ᠠ ᠬᠢᠭᠰᠡᠨ ᠪᠠᠢᠨ᠎ᠠ᠃
ᠲᠠᠪᠤ ᠠᠳᠠᠯᠢᠪᠢᠰᠢ ᠶᠢᠨ ᠭᠠᠪᠢᠶ᠎ᠠ ᠵᠢᠳᠬᠦᠯ
ᠠᠳᠠᠯᠢᠪᠢᠰᠢ ᠴᠢᠩ ᠤᠯᠤᠰ ᠤᠨ ᠰᠡᠭᠦᠯᠴᠢ ᠶᠢᠨ ᠦᠶ᠎ᠡ᠂ ᠳᠤᠮᠳᠠᠳᠤ ᠢᠷᠭᠡᠨ ᠤᠯᠤᠰ ᠤᠨ ᠪᠦᠬᠦᠢ ᠯᠠ ᠴᠠᠭ ᠦᠶ᠎ᠡ ᠪᠣᠯᠣᠨ ᠪᠥᠬᠥᠳᠡ ᠨᠠᠢᠷᠠᠮᠳᠠᠬᠤ ᠳᠤᠮᠳᠠᠳᠤ ᠠᠷᠠᠳ ᠤᠯᠤᠰ ᠤᠨ ᠡᠬᠢᠨ ᠦ ᠦᠶ᠎ᠡ ᠪᠡᠷ ᠵᠢᠷᠢᠮ ᠠᠢᠮᠠᠭ ᠤᠨ ᠬᠣᠷᠴᠢᠨ ᠵᠡᠭᠦᠨ ᠭᠠᠷᠤᠨ ᠬᠤᠢᠳᠤ ᠬᠣᠰᠢᠭᠤᠨ ᠳᠤ ᠪᠠᠭᠰᠢᠯᠠᠵᠤ ᠪᠠᠢᠭᠰᠠᠨ ᠪᠣᠯᠬᠣᠷ ᠲᠡᠷᠡ ᠭᠠᠵᠠᠷ ᠣᠷᠣᠨ ᠤ ᠪᠠᠨ ᠦᠨᠳᠦᠰᠦᠲᠡᠨ ᠦ ᠰᠤᠷᠭᠠᠨ ᠬᠥᠮᠥᠵᠢᠯ ᠪᠣᠯᠣᠨ ᠰᠣᠶᠣᠯ ᠤᠷᠠᠯᠢᠭ ᠲᠤ ᠪᠠᠯᠠᠷᠠᠰᠢ ᠦᠭᠡᠢ ᠭᠠᠪᠢᠶ᠎ᠠ ᠵᠢᠳᠬᠦᠯ ᠦᠵᠡᠭᠦᠯᠦᠭᠰᠡᠨ ᠶᠤᠮ᠃
ᠨᠢᠭᠡᠳᠦᠭᠡᠷ ᠲᠦ ᠲᠡᠭᠦᠨ ᠦ ᠨᠠᠢᠷᠠᠭᠤᠯᠤᠨ ᠪᠢᠴᠢᠭᠰᠡᠨ ᠪᠠᠭ᠎ᠠ ᠰᠤᠷᠭᠠᠭᠤᠯᠢ ᠶᠢᠨ ᠬᠢᠴᠢᠶᠡᠯ ᠦᠨ ᠪᠢᠴᠢᠭ ᠲᠦ ᠲᠡᠷᠡ ᠭᠠᠵᠠᠷ ᠣᠷᠣᠨ ᠤ ᠪᠠᠨ ᠮᠣᠩᠭᠣᠯ ᠪᠠᠭᠠᠴᠤᠳ ᠬᠡᠦᠬᠡᠳ ᠢ ᠶᠣᠰᠣ ᠮᠣᠷᠠᠯ᠂ ᠰᠠᠬᠢᠯᠭ᠎ᠠ ᠪᠠᠲᠤ᠂ ᠪᠣᠯᠪᠠᠰᠤᠨ ᠰᠠᠢᠬᠠᠨ ᠵᠠᠩ ᠰᠤᠷᠲᠠᠯ ᠪᠣᠯᠣᠨ ᠠᠴᠢ ᠳᠤᠰᠠ ᠲᠠᠢ ᠬᠥᠮᠥᠨ ᠪᠣᠯᠵᠤ ᠬᠥᠮᠥᠵᠢᠭᠳᠡᠬᠦ ᠳᠤᠬᠠᠢ ᠰᠤᠷᠭᠠᠨ ᠬᠥᠮᠥᠵᠢᠯ ᠬᠢᠵᠦ ᠪᠠᠢᠭᠰᠠᠨ ᠨᠢ ᠲᠣᠲᠣᠷᠬᠠᠢ ᠮᠡᠳᠡᠭᠳᠡᠵᠦ ᠪᠠᠢᠨ᠎ᠠ᠃ ᠠᠳᠠᠯᠢᠪᠢᠰᠢ ᠪᠣᠯ ᠤᠷᠠᠨ ᠪᠢᠴᠢᠯᠭᠡ ᠶᠢ ᠬᠢᠴᠢᠶᠡᠯ ᠬᠥᠮᠥᠵᠢᠯ ᠳᠡᠭᠡᠷ᠎ᠡ ᠦᠢᠯᠡᠴᠢᠯᠡᠭᠦᠯᠦᠭᠰᠡᠨ ᠬᠠᠮᠤᠭ ᠠᠩᠬᠠᠨ ᠤ ᠬᠥᠮᠥᠨ ᠦ ᠨᠢᠭᠡ᠃ ᠲᠡᠭᠦᠨ ᠦ ᠨᠠᠢᠢᠷᠠᠭᠤᠯᠤᠨ ᠪᠢᠴᠢᠭᠰᠡᠨ ᠬᠢᠴᠢᠶᠡᠯ ᠦᠨ ᠪᠢᠴᠢᠭ ᠦᠨ ᠠᠭᠤᠯᠭ᠎ᠠ ᠨᠢ ᠡᠷᠡᠭᠦᠯ ᠴᠢᠭᠢᠷᠠᠭ ᠮᠥᠷᠲᠡᠭᠡᠨ ᠦᠰᠦᠨ ᠪᠢᠷ ᠢᠶᠡᠷ ᠪᠢᠴᠢᠭᠰᠡᠨ ᠤᠴᠢᠷ ᠭᠤᠸ᠎ᠠ ᠰᠠᠢᠬᠠᠨ ᠤᠷᠠᠯᠢᠭ ᠢᠶᠠᠷ ᠪᠠᠭᠠᠴᠤᠤᠯ ᠬᠡᠦᠬᠡᠳ ᠢ ᠬᠥᠮᠥᠵᠢᠭᠦᠯᠵᠦ ᠪᠠᠢᠭᠰᠠᠨ ᠨᠢ ᠮᠠᠰᠢ ᠡᠷᠬᠢᠮ᠃
ᠬᠣᠶᠠᠳᠤᠭᠠᠷ ᠲᠤ ᠣᠬᠣᠷ ᠠᠪᠰᠠᠷᠬᠠᠨ ᠶᠣᠭᠲᠠ ᠦᠯᠢᠭᠡᠷ ᠦᠳ ᠢ ᠪᠢᠴᠢᠭᠡᠳ ᠲᠡᠭᠦᠨ ᠢᠶᠡᠨ ᠲᠠᠢᠯᠪᠤᠷᠢᠯᠠᠵᠤ ᠥᠭᠬᠦ ᠪᠡᠷ ᠳᠠᠮᠵᠢᠨ ᠪᠠᠭ᠎ᠠ ᠰᠤᠷᠭᠠᠭᠤᠯᠢ ᠶᠢᠨ ᠬᠡᠦᠬᠡᠳ ᠲᠦ ᠮᠣᠷᠠᠯ ᠰᠤᠷᠲᠠᠯ ᠤᠨ ᠬᠥᠮᠥᠵᠢᠯ ᠬᠢᠵᠦ᠂ ᠵᠥᠪ ᠪᠢᠴᠢᠯᠭᠡ ᠶᠢᠨ ᠲᠠᠯ᠎ᠠ ᠪᠠᠷ ᠠᠩᠬᠠᠷᠤᠭᠤᠯᠵᠤ᠂ ᠥᠭᠦᠯᠡᠪᠦᠷᠢ ᠵᠣᠬᠢᠶᠠᠬᠤ ᠴᠢᠳᠠᠪᠤᠷᠢ ᠶᠢ ᠨᠢ ᠳᠡᠭᠡᠭᠰᠢᠯᠡᠭᠦᠯᠵᠦ᠂ ᠣᠬᠣᠷ ᠦᠯᠢᠭᠡᠷ ᠦᠨ ᠡᠷᠡᠭᠦᠯ ᠴᠢᠭᠢᠷᠠᠭ ᠤᠳᠬ᠎ᠠ ᠠᠭᠤᠯᠭ᠎ᠠ ᠪᠠᠷ ᠰᠣᠷᠤᠭᠴᠢᠳ ᠤᠨ ᠰᠡᠳᠬᠢᠬᠦᠢ ᠶᠢ ᠵᠥᠪ ᠬᠥᠲᠥᠯᠵᠦ᠂ ᠤᠬᠠᠭᠠᠨ ᠰᠠᠨᠠᠭ᠎ᠠ ᠶᠢ ᠨᠢ ᠰᠠᠢᠵᠢᠷᠠᠭᠤᠯᠬᠤ ᠬᠥᠮᠥᠵᠢᠯ ᠢ ᠬᠢᠵᠦ ᠪᠠᠢᠭᠰᠠᠨ ᠨᠢ ᠮᠡᠳᠡᠭᠳᠡᠵᠦ ᠪᠠᠢᠨ᠎ᠠ᠃
ᠭᠤᠷᠪᠠᠳᠤᠭᠠᠷ ᠲᠤ᠌ ᠲᠡᠭᠦᠨ ᠦ᠌ ᠦᠰᠦᠨ ᠪᠢᠷ ᠦ᠋ᠨ ᠦᠰᠦᠭ ᠨᠢ ᠰᠠᠢᠬᠠᠨ ᠪᠣᠯᠬᠣᠷ ᠪᠢᠳᠡ ᠪᠦᠬᠦᠨ ᠳ᠋ᠦ᠍ ᠰᠤᠳᠤᠯᠵᠤ ᠰᠢᠨᠵᠢᠬᠦ ᠵᠢᠷᠤᠭᠠᠰᠤᠨ ᠤ᠋ ᠤᠷᠠᠯᠢᠭ ᠤ᠋ᠨ ᠥᠪ ᠢ᠋ ᠦᠯᠡᠳᠡᠭᠡᠵᠦ ᠥᠭᠭᠦᠭᠰᠡᠨ ᠪᠠᠢᠨ᠎ᠠ᠃ ᠵᠢᠷᠢᠮ ᠠᠢᠮᠠᠭ ᠤ᠋ᠨ ᠪᠠᠭ᠎ᠠ ᠪᠤᠰᠤ ᠶ᠋ᠢᠨ ᠬᠥᠮᠦᠰ ᠪᠦᠷ ᠡᠨᠡ ᠬᠥᠮᠦᠨ ᠦ᠌ ᠭᠠᠷ ᠤ᠋ᠨ ᠲᠢᠭ ᠡᠴᠡ ᠳᠠᠭᠠᠨ ᠰᠤᠷᠤᠯᠴᠠᠵᠤ᠂ ᠳᠠᠭᠤᠷᠢᠶᠠᠨ ᠪᠢᠴᠢᠭᠰᠡᠨ ᠢ᠋ᠶ᠋ᠡᠷ ᠦᠵᠡᠬᠦ ᠳ᠋ᠦ᠍ ᠠᠳᠠᠯᠢᠪᠢᠰᠢ ᠶ᠋ᠢᠨ ᠮᠣᠩᠭᠣᠯ ᠤᠷᠠᠨ ᠪᠢᠴᠢᠯᠭᠡ ᠡᠳᠡᠭᠡᠷ ᠬᠡᠳᠦᠨ ᠵᠢᠭᠠᠬᠤ ᠪᠢᠴᠢᠭ ᠢ᠋ᠶ᠋ᠡᠷ ᠵᠣᠭᠰᠣᠬᠤ ᠪᠢᠰᠢ ᠂ ᠥᠭᠡᠷ᠎ᠡ ᠵᠦᠢᠯ ᠦ᠋ᠨ ᠪᠢᠴᠢᠯᠭᠡ ᠪᠠᠰᠠ ᠪᠢᠰᠢᠭᠦᠢ ᠪᠠᠢᠬᠤ ᠮᠠᠭᠠᠳ ᠭᠡᠵᠦ ᠪᠣᠳᠣᠵᠤ ᠪᠠᠢᠨ᠎ᠠ᠃
ᠤᠷᠠᠨ ᠪᠢᠴᠢᠯᠭᠡ ᠶ᠋ᠢᠨ ᠡᠷᠳᠡᠮᠲᠡᠨ ᠪᠠᠢ ᠪᠥᠬᠡ ᠶ᠋ᠢᠨ ᠰᠤᠳᠤᠯᠵᠤ ᠣᠢᠯᠠᠭᠠᠭᠰᠠᠨ ᠢ᠋ᠶ᠋ᠠᠷ ᠠᠳᠠᠯᠢᠪᠢᠰᠢ ᠶ᠋ᠢᠨ ᠮᠣᠩᠭᠣᠯ ᠤᠷᠠᠨ ᠪᠢᠴᠢᠯᠭᠡ ᠪᠣᠯ ᠵᠢᠷᠢᠮ ᠦ᠋ᠨ ᠮᠣᠩᠭᠣᠯ ᠤᠷᠠᠨ ᠪᠢᠴᠢᠯᠭᠡ᠂ ᠵᠢᠷᠢᠮ ᠦ᠋ᠨ ᠮᠣᠩᠭᠣᠯ ᠤᠷᠠᠨ ᠪᠢᠴᠢᠯᠭᠡ ᠪᠣᠯ ᠳᠠᠷᠤᠢ ᠠᠳᠠᠯᠢᠪᠢᠰᠢ ᠶ᠋ᠢᠨ ᠤᠷᠠᠨ ᠪᠢᠴᠢᠯᠭᠡ ᠭᠡᠰᠡᠨ ᠳ᠋ᠦᠩᠨᠡᠯᠲᠡ ᠶ᠋ᠢ ᠣᠯᠵᠠᠢ᠃ ᠠᠳᠠᠯᠢᠪᠢᠰᠢ ᠪᠣᠯ ᠵᠢᠷᠢᠮ ᠦ᠋ᠨ ᠮᠣᠩᠭᠣᠯ ᠤᠷᠠᠨ ᠪᠢᠴᠢᠯᠭᠡᠳᠡᠳ ᠦ᠋ᠨ ᠲᠥᠯᠥᠭᠡᠯᠡᠭᠴᠢ ᠮᠥᠨ᠃ ᠳᠡᠭᠡᠷ᠎ᠡ ᠵᠠᠭᠤᠨ ᠤ᠋ ᠨᠠᠶᠠᠭᠠᠳ ᠣᠨ ᠤ᠋ ᠦᠶ᠎ᠡ ᠶ᠋ᠢᠨ 《 ᠨᠠᠬᠢᠶ᠎ᠠ 》 ᠰᠡᠳᠬᠦᠯ ᠢ᠋ ᠦᠰᠦᠨ ᠪᠢᠷ ᠢ᠋ᠶ᠋ᠡᠷ ᠰᠡᠢᠷᠡᠭᠦᠯᠦᠨ ᠪᠢᠴᠢᠵᠦ ᠠᠯᠳᠠᠷ ᠨᠡᠷ᠎ᠡ ᠮᠠᠨᠳᠤᠵᠤ ᠪᠠᠢᠭᠰᠠᠨ ᠲᠣᠮᠣ ᠤᠷᠠᠨ ᠪᠢᠴᠢᠯᠭᠡᠲᠡᠨ ᠡᠷᠳᠡᠨᠢᠪᠥ᠋ᠬᠡ ᠪᠠᠭᠰᠢ ᠶ᠋ᠢᠨ ᠪᠢᠰᠢᠷᠡᠨ ᠬᠦᠨᠳᠦᠳᠬᠡᠳᠡᠭ ᠮᠥᠷᠲᠡᠭᠡᠨ ᠳᠠᠭᠠᠨ ᠰᠤᠷᠤᠯᠴᠠᠵᠤ ᠪᠠᠢᠭᠰᠠᠨ ᠬᠥᠮᠦᠨ ᠪᠣᠯ ᠠᠳᠠᠯᠢᠪᠢᠰᠢ ᠪᠠᠢᠭᠰᠠᠨ ᠭᠡᠵᠦ ᠡᠷᠳᠡᠨᠢᠪᠥ᠋ᠬᠡ ᠪᠠᠭᠰᠢ ᠥᠪᠡᠷ ᠢ᠋ᠶ᠋ᠡᠨ ᠶᠠᠷᠢᠵᠤ ᠪᠠᠢᠯ᠎ᠠ᠃ ᠠᠳᠠᠯᠢᠪᠢᠰᠢ ᠵᠥᠪᠬᠡᠨ ᠵᠡᠭᠦᠨ ᠣᠷᠣᠨ ᠤ᠋ ᠮᠣᠩᠭᠣᠯ ᠤᠷᠠᠨ ᠪᠢᠴᠢᠯᠭᠡ ᠯᠡ ᠪᠢᠰᠢ ᠪᠦᠬᠦᠢᠯᠡ ᠮᠣᠩᠭᠣᠯ ᠤᠷᠠᠨ ᠪᠢᠴᠢᠯᠭᠡ ᠶ᠋ᠢᠨ ᠬᠥᠭᠵᠢᠯ ᠦ᠋ᠨ ᠲᠡᠦᠬᠡᠨ ᠳ᠋ᠦ᠍ ᠠᠯᠳᠠᠷ ᠨᠡᠷ᠎ᠡ ᠪᠡᠨ ᠦᠯᠡᠳᠡᠭᠡᠵᠦ᠂ ᠠᠯᠲᠠᠨ ᠦᠰᠦᠭ ᠢ᠋ᠶ᠋ᠡᠨ ᠦᠯᠡᠳᠡᠭᠡᠵᠦ᠂ ᠤᠷᠠᠨ ᠪᠢᠴᠢᠯᠭᠡ ᠶ᠋ᠢᠨ ᠭᠤᠸ᠎ᠠ ᠰᠠᠢᠬᠠᠨ ᠢ᠋ ᠭᠠᠢᠬᠠᠭᠤᠯᠤᠭᠰᠠᠨ ᠠᠯᠳᠠᠷᠲᠤ ᠮᠣᠩᠭᠣᠯ ᠤᠷᠠᠨ ᠪᠢᠴᠢᠯᠭᠡᠲᠡᠨ ᠮᠥᠨ᠃ ᠲᠡᠭᠦᠨ ᠦ᠌ ᠮᠣᠩᠭᠣᠯ ᠤᠷᠠᠨ ᠪᠢᠴᠢᠯᠭᠡ ᠶ᠋ᠢᠨ ᠦᠢᠯᠡᠰ ᠲᠦ᠍ ᠦᠵᠡᠭᠦᠯᠦᠭᠰᠡᠨ ᠭᠠᠪᠢᠶ᠎ᠠ ᠵᠢᠳᠬᠦᠯ ᠢ᠋ ᠨᠢ ᠬᠣᠢᠴᠢ ᠪᠣᠯᠤᠭᠰᠠᠨ ᠪᠢᠳᠡ ᠨᠠᠷ ᠤᠷᠠᠨ ᠪᠢᠴᠢᠯᠭᠡ ᠶ᠋ᠢᠨ ᠱᠠᠰᠲᠢᠷ ᠲᠡᠦᠬᠡᠨ ᠳ᠋ᠦ᠍ ᠲᠡᠮᠳᠡᠭᠯᠡᠨ ᠦᠯᠡᠳᠡᠭᠡᠵᠦ ᠤᠬᠠᠭᠤᠯᠤᠨ ᠳᠡᠯᠭᠡᠷᠡᠭᠦᠯᠬᠦ ᠡᠭᠦᠷᠭᠡ ᠬᠠᠷᠢᠭᠤᠴᠠᠯᠭ᠎ᠠ ᠲᠠᠢ᠃
