ᠤᠮᠠᠷᠠᠲᠤ ᠶ᠋ᠢᠨ ᠬᠠᠷᠭᠠᠢумардын харгай

ᠤᠮᠠᠷᠠᠲᠤ ᠶ᠋ᠢᠨ ᠬᠠᠷᠭᠠᠢ
ᠨᠠᠷᠠᠰᠤ ᠶ᠋ᠢᠨ ᠢᠵᠠᠭᠤᠷ
ᠨᠠᠪᠴᠢ ᠵᠤᠯᠭᠠᠷᠠᠬᠤ ᠲᠤᠷᠤᠭ ᠮᠣᠳᠣ᠂30m ᠬᠢᠷᠢ ᠥᠨᠳᠥᠷ᠃ ᠲᠤᠰ ᠵᠢᠯ ᠦ᠋ᠨ ᠮᠥᠴᠢᠷ ᠨᠢ ᠪᠠᠷᠠᠭᠠᠨ ᠤᠯᠠᠭᠠᠨ ᠪᠤᠶᠤ ᠬᠦᠷᠡᠩ ᠰᠢᠷ᠎ᠠ᠂ ᠬᠣᠶᠠᠷ ᠨᠠᠰᠤᠲᠤ ᠮᠥᠴᠢᠷ ᠨᠢ ᠰᠢᠷᠠᠪᠲᠤᠷ ᠬᠦᠷᠡᠩ ᠥᠩᠭᠡᠲᠡᠢ ᠪᠣᠯᠪᠠᠴᠤ ᠬᠣᠵᠢᠮ ᠨᠢ ᠪᠦᠳᠡᠭᠢ ᠬᠦᠷᠡᠩ ᠪᠣᠯᠤᠨ᠎ᠠ᠃ ᠣᠬᠣᠷ ᠮᠥᠴᠢᠷ ᠦ᠋ᠨ ᠣᠷᠣᠢ
ᠳ᠋ᠠᠬᠢ ᠨᠠᠪᠴᠢᠨ ᠤ᠋ ᠰᠠᠭᠤᠳᠠᠯ ᠤ᠋ᠨ ᠬᠣᠭᠣᠷᠣᠨᠳᠣ ᠨᠢ ᠰᠢᠷ᠎ᠠ ᠬᠦᠷᠡᠩ ᠦᠰᠦ ᠪᠣᠢ᠃ ᠰᠢᠯᠮᠦᠦᠰᠦ ᠨᠢ ᠪᠦᠰᠡ ᠬᠡᠯᠪᠡᠷᠢ ᠲᠡᠢ᠂2—3cm ᠤᠷᠲᠤ᠂ ᠠᠷᠤ ᠶ᠋ᠢᠨ ᠭᠦᠷᠡᠢᠭᠰᠡᠨ ᠭᠣᠣᠯ ᠰᠤᠳᠠᠯ ᠤ᠋ᠨ ᠬᠣᠶᠠᠷ ᠲᠠᠯ᠎ᠠ ᠳ᠋ᠤᠨᠢ2—4 ᠴᠤᠪᠤᠭ᠎ᠠ ᠬᠡᠢ ᠶ᠋ᠢᠨ ᠠᠮᠠᠰᠠᠷ ᠤ᠋ᠨ ᠵᠤᠷᠪᠤᠰ ᠪᠣᠢ᠃ ᠴᠡᠴᠡᠭ ᠨᠢ ᠭᠠᠭᠴᠠ ᠪᠡᠯᠭᠡ ᠲᠡᠢ ᠪᠥᠭᠡᠳ ᠨᠢᠭᠡ ᠭᠡᠷ ᠲᠡᠢ᠃ ᠡᠷ᠎ᠡ ᠡᠮ᠎ᠡ ᠪᠠᠭ ᠴᠡᠴᠡᠭ ᠨᠢ ᠪᠦᠷ ᠭᠠᠭᠴᠠᠭᠠᠷ ᠣᠬᠣᠷ ᠮᠥᠴᠢᠷ ᠦ᠋ᠨ ᠣᠷᠣᠢ ᠳ᠋ᠤ᠌ ᠤᠷᠭᠤᠨ᠎ᠠ᠂ ᠴᠥᠮ ᠪᠥᠮᠪᠦᠭᠡᠨ ᠬᠡᠯᠪᠡᠷᠢ ᠲᠡᠢ᠃ ᠪᠤᠭᠤᠷᠴᠠᠭ ᠨᠢ ᠪᠠᠷᠢᠭᠤᠯ ᠲᠠᠢ᠂2—3.5cm ᠤᠷᠲᠤ᠂ ᠥᠨᠳᠡᠭᠡᠯᠵᠢᠨ ᠪᠥᠭᠡᠷᠡᠩᠬᠡᠢ ᠬᠡᠯᠪᠡᠷᠢ ᠲᠡᠢ᠂ ᠡᠬᠢᠨ ᠳ᠋ᠡᠭᠡᠨ ᠨᠣᠭᠣᠪᠲᠤᠷ ᠰᠡᠭᠦᠯᠡᠷ ᠭᠦᠢᠬᠡᠨ ᠬᠦᠷᠡᠩ ᠪᠣᠯᠳᠠᠭ᠂ ᠦᠷ᠎ᠡ ᠶ᠋ᠢᠨ ᠬᠠᠢᠷᠰᠤᠨ ᠢᠯᠲᠠᠰᠤ ᠨᠢ ᠪᠠᠷᠤᠭ45 ᠪᠣᠢ᠃ ᠪᠠᠭᠯᠠᠭᠴᠢ ᠨᠢ ᠪᠠᠷᠠᠭᠠᠨ ᠪᠣᠷᠣ ᠥᠩᠭᠡᠲᠡᠢ ᠪᠥᠭᠡᠳ ᠦᠷ᠎ᠡ ᠶ᠋ᠢᠨ ᠬᠠᠢᠷᠰᠤᠨ ᠤ᠋ ᠪᠠᠨ ᠬᠠᠭᠠᠰ ᠤ᠋ᠨ ᠴᠢᠨᠡᠭᠡᠨ ᠤᠷᠲᠤ᠂ ᠦᠵᠦᠭᠦᠷ ᠨᠢ ᠱᠣᠪᠬᠣ ᠶᠤᠮ᠃ ᠦᠷ᠎ᠡ ᠨᠢ ᠴᠠᠢᠪᠤᠷ ᠪᠣᠯᠪᠠᠴᠤ ᠬᠦᠷᠡᠩ ᠲᠣᠯᠪᠣ ᠲᠠᠢ᠃ ᠠᠭᠤᠯᠠ ᠶ᠋ᠢᠨ ᠡᠭᠡᠪᠦᠷ ᠬᠠᠵᠠᠭᠤ ᠪᠠᠷ ᠴᠣᠯ ᠣᠢ ᠪᠣᠯᠵᠤ ᠤᠷᠭᠤᠨ᠎ᠠ᠃
ᠮᠠᠨ ᠤ᠋ ᠤᠯᠤᠰ ᠤ᠋ᠨ ᠥᠪᠥᠷ ᠮᠣᠩᠭᠣᠯ᠂ ᠯᠢᠶᠣᠤᠨᠢᠩ᠂ ᠾᠧᠪᠧᠢ᠂ ᠱᠠᠨ ᠰᠢ ᠵᠡᠷᠭᠡ ᠮᠣᠵᠢ ᠣᠷᠣᠨ ᠳ᠋ᠤ᠌ ᠤᠷᠭᠤᠳᠠᠭ᠃ ᠶᠡᠬᠡ ᠬᠢᠩᠭᠠᠨ ᠳᠠᠪᠠᠭᠠᠨ ᠤ᠋ ᠴᠢᠬᠤᠯᠠ ᠮᠣᠳᠣ ᠮᠥᠨ᠂ ᠬᠡᠷᠡᠭᠴᠡᠭᠡ ᠨᠢ ᠥᠷᠭᠡᠨ᠃ ᠡᠰᠢᠨ ᠡᠴᠡ ᠨᠢ ᠳᠠᠪᠠᠷᠬᠠᠢ ᠠᠪᠳᠠᠭ᠃ ᠬᠣᠯᠲᠣᠰᠣ ᠨᠢ ᠡᠯᠳᠡᠭᠦᠷᠢ ᠶ᠋ᠢᠨ ᠲᠦᠭᠦᠬᠡᠢ ᠡᠳ᠋ ᠮᠥᠨ᠃
ᠬᠢᠲᠠᠳ ᠨᠡᠷ᠎ᠡ᠄华北落叶松
ᠠᠩᠭ᠌ᠯᠢ ᠨᠡᠷ᠎ᠡ᠄ Larix principis-rupprechtii Mayr
ᠦᠰᠦᠭ ᠠᠮᠢᠯᠠᠭᠤᠯᠤᠭᠴᠢ᠄ ᠫᠤ· ᠴᠠᠭᠠᠨ
ᠬᠢᠨᠠᠭᠴᠢ᠄ ᠡᠷᠬᠢᠮᠪᠠᠭᠠᠲᠤᠷ
