ᠮᠢᠨᠦ ᠡᠵᠢ-ᠼ ∙ ᠴᠢᠯᠠᠭᠤᠨᠴᠡᠴᠡᠭ ᠼ ∙ ᠣᠳᠬᠣᠨᠴᠡᠴᠡᠭ ᠼ ∙ ᠲᠤᠶᠠᠭᠠᠴᠡᠴᠡᠭМиний ээж МУГЖ Ц.Чулуунцэцэг МУСТА Ц.Отгонцэцэг МУСТА Ц.Туяацэцэг
ᠮᠢᠨᠦ ᠡᠵᠢ
ᠦᠭᠡ᠄ ᠵ ᠢᠰᠢᠭᠡᠨᠬᠦᠦ
ᠠᠶ᠎ᠠ᠄ ᠨᠢᠮᠠᠰᠠᠢᠬᠠᠨ
ᠳᠠᠭᠤᠯᠠᠭᠰᠠᠨ ᠨᠢ᠄ ᠽ ᠂ ᠴᠢᠯᠠᠭᠤᠨᠴᠡᠴᠡᠭ ᠽ ᠂ ᠤᠳᠬᠤᠨᠴᠡᠴᠡᠭ ᠽ ᠂ ᠲᠤᠶᠠᠭᠠᠴᠡᠴᠡᠭ
ᠠᠯᠲᠠᠨ ᠳᠡᠯᠡᠬᠡᠢ ᠳ᠋ᠦ᠍ ᠦᠷ᠎ᠡ ᠶ᠋ᠢᠨ ᠪᠦᠪᠡᠢ ᠲᠡᠢ ᠬᠠᠮᠲᠤ ᠵᠠᠶᠠᠭᠠᠭᠰᠠᠨ
ᠠᠩᠭᠢᠷ ᠤᠭᠤᠷᠠᠭ ᠢ᠋ᠶ᠋ᠠᠨ ᠰᠢᠮᠡᠭᠦᠯᠵᠦ ᠥᠰᠬᠡᠬᠦ ᠪᠤᠶᠠᠨ ᠲᠠᠢ ᠲᠥᠷᠥᠭᠰᠡᠨ
ᠠᠲᠠᠷ ᠬᠡᠭᠡᠷ᠎ᠡ ᠶ᠋ᠢᠨ ᠠᠩᠬᠢᠯᠤᠭᠤᠨ ᠴᠡᠴᠡᠭ ᠦ᠋ᠨ ᠦᠨᠦᠷ ᠰᠢᠩᠭᠡᠭᠰᠡᠨ
ᠠᠯᠢᠶ᠎ᠠ ᠬᠥᠭᠡᠷᠦᠬᠦᠨ ᠦᠷ᠎ᠡ ᠶ᠋ᠢᠨ ᠢ᠋ᠶ᠋ᠡᠨ ᠳᠠᠭᠤᠨ ᠳ᠋ᠤ᠌ ᠰᠡᠳᠬᠢᠯ ᠪᠠᠶᠠᠰᠤᠭᠰᠠᠨ
ᠵᠠᠯᠠᠭᠤ ᠴᠤ᠌ ᠶᠠᠪᠤᠭᠰᠠᠨ ᠰᠠᠢᠬᠠᠨ ᠴᠤ᠌ ᠶᠠᠪᠤᠭᠰᠠᠨ ᠮᠢᠨᠦ ᠡᠵᠢ
ᠵᠤᠨ ᠣᠯᠠᠨ ᠤ᠋ ᠪᠠᠨ ᠬᠠᠢᠷ᠎ᠠ ᠶ᠋ᠢ ᠲᠠᠲᠠᠭᠰᠠᠨ ᠮᠢᠨᠦ ᠡᠵᠢ
ᠤᠶᠠᠬᠠᠨ ᠰᠡᠳᠬᠢᠯ ᠦ᠋ᠨ ᠬᠠᠯᠠᠭᠤᠨ ᠢᠪᠡᠭᠡᠯ ᠢ᠋ᠶ᠋ᠡᠷ ᠨᠠᠮ᠎ᠠ ᠶ᠋ᠢ ᠪᠡᠨ ᠥᠰᠬᠡᠭᠰᠡᠨ
ᠤᠷᠤᠭ ᠲᠥᠷᠥᠯ ᠦ᠋ᠨ ᠠᠷᠢᠭᠤᠨ ᠬᠡᠯᠬᠢᠶ᠎ᠡ ᠴᠢᠨᠳᠠᠮᠤᠨᠢ ᠪᠣᠯᠤᠭᠰᠠᠨ
ᠤᠬᠠᠭᠠᠨ ᠪᠣᠳᠣᠯ ᠤ᠋ᠨ ᠪᠣᠯᠣᠷ ᠲᠤᠩᠭᠠᠯᠠᠭ ᠬᠠᠢᠷ᠎ᠠ ᠪᠠᠨ ᠢᠪᠡᠭᠡᠭᠰᠡᠨ
ᠠᠭᠤᠳᠠᠮ ᠬᠣᠷᠸ᠎ᠠ ᠶ᠋ᠢᠨ ᠨᠠᠷᠠᠨ ᠳᠣᠣᠷ᠎ᠠ ᠦᠷ᠎ᠡ ᠪᠡᠨ ᠪᠦᠪᠡᠢᠯᠡᠭᠰᠡᠨ
ᠵᠠᠯᠠᠭᠤ ᠴᠤ᠌ ᠶᠠᠪᠤᠭᠰᠠᠨ ᠰᠠᠢᠬᠠᠨ ᠴᠤ᠌ ᠶᠠᠪᠤᠭᠰᠠᠨ ᠮᠢᠨᠦ ᠡᠵᠢ
ᠵᠤᠨ ᠣᠯᠠᠨ ᠤ᠋ ᠪᠠᠨ ᠬᠠᠢᠷ᠎ᠠ ᠶ᠋ᠢ ᠲᠠᠲᠠᠭᠰᠠᠨ ᠮᠢᠨᠦ ᠡᠵᠢ
ᠡᠨᠡᠬᠡᠨ ᠬᠣᠷᠸ᠎ᠠ ᠳ᠋ᠤ᠌ ᠨᠢᠭᠡᠨ ᠪᠡᠷᠬᠡ ᠶ᠋ᠢ ᠪᠡᠶ᠎ᠡ ᠪᠡᠷ ᠢ᠋ᠶ᠋ᠡᠨ ᠳᠤᠭᠤᠯᠤᠭᠠᠳ
ᠡᠷᠭᠢᠵᠦ ᠣᠯᠳᠠᠰᠢ ᠦᠭᠡᠢ ᠨᠢᠭᠡᠨ ᠠᠮᠢᠳᠤᠷᠠᠯ ᠢ᠋ᠶ᠋ᠠᠨ ᠦᠷ᠎ᠡ ᠳ᠋ᠡᠭᠡᠨ ᠬᠠᠢᠷᠠᠯᠠᠭᠰᠠᠨ
ᠡᠩᠬᠡ ᠶ᠋ᠢᠨ ᠲᠥᠯᠥᠭᠡ ᠰᠡᠳᠬᠢᠯ ᠵᠢᠷᠦᠬᠡ ᠪᠡᠨ ᠮᠥᠩᠬᠡᠳᠡ ᠵᠣᠷᠢᠭᠤᠯᠤᠭᠰᠠᠨ
ᠡᠨᠡᠷᠢᠯᠲᠦ ᠰᠠᠢᠬᠠᠨ ᠡᠵᠢ ᠶ᠋ᠢ ᠪᠡᠨ ᠪᠢ ᠬᠡᠵᠢᠶ᠎ᠡ ᠴᠦ᠍ ᠮᠠᠷᠲᠠᠬᠤ ᠦᠭᠡᠢ
ᠵᠠᠯᠠᠭᠤ ᠴᠤ᠌ ᠶᠠᠪᠤᠭᠰᠠᠨ ᠰᠠᠢᠬᠠᠨ ᠴᠤ᠌ ᠶᠠᠪᠤᠭᠰᠠᠨ ᠮᠢᠨᠦ ᠡᠵᠢ
ᠵᠤᠨ ᠣᠯᠠᠨ ᠤ᠋ ᠪᠠᠨ ᠬᠠᠢᠷ᠎ᠠ ᠶ᠋ᠢ ᠲᠠᠲᠠᠭᠰᠠᠨ ᠮᠢᠨᠦ ᠡᠵᠢ
ᠵᠠᠯᠠᠭᠤ ᠴᠤ᠌ ᠶᠠᠪᠤᠭᠰᠠᠨ ᠰᠠᠢᠬᠠᠨ ᠴᠤ᠌ ᠶᠠᠪᠤᠭᠰᠠᠨ ᠮᠢᠨᠦ ᠡᠵᠢ
ᠵᠤᠨ ᠣᠯᠠᠨ ᠤ᠋ ᠪᠠᠨ ᠬᠠᠢᠷ᠎ᠠ ᠶ᠋ᠢ ᠲᠠᠲᠠᠭᠰᠠᠨ ᠮᠢᠨᠦ ᠡᠵᠢ
ᠵᠤᠨ ᠣᠯᠠᠨ ᠤ᠋ ᠪᠠᠨ ᠬᠠᠢᠷ᠎ᠠ ᠶ᠋ᠢ ᠲᠠᠲᠠᠭᠰᠠᠨ ᠮᠢᠨᠦ ᠡᠵᠢ
ᠦᠰᠦᠭ ᠠᠮᠢᠯᠠᠭᠤᠯᠤᠭᠰᠠᠨ ᠨᠢ᠄ ᠸᠠᠩ ᠴᠡᠩᠭᠡᠯ
ᠦᠰᠦᠭ ᠬᠠᠲᠠᠭᠰᠠᠨ ᠨᠢ᠄ ᠸᠠᠩ ᠴᠡᠩᠭᠡᠯ
ᠬᠢᠨᠠᠭᠴᠢ᠄ ᠤᠯᠠᠭᠠᠨ᠂ᠨᠠᠷᠡᠨᠮᠠᠨᠳᠠ᠂ᠠᠯᠲᠠᠨᠴᠢᠮᠡᠭ᠂ᠪᠠᠶᠠᠷᠴᠡᠴᠡᠭ᠂ᠬᠠᠳᠠᠴᠢ· ᠤᠷᠠᠨ᠎ᠠ
