ᠪᠦᠰᠡᠭᠦᠢ ᠵᠠᠶᠠᠭ᠎ᠠ-ᠪᠤᠤ ᠰᠦᠬᠡБүсгүй заяа-Буу Сүхээ ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠰᠡᠭᠦᠢ ᠵᠠᠶᠠᠭ᠎ᠠ-ᠪᠤᠤ ᠰᠦᠬᠡБүсгүй заяа-Буу Сүхээ

ᠪᠦᠰᠡᠭᠦᠢ ᠵᠠᠶᠠᠭ᠎ᠠ-ᠪᠤᠤ ᠰᠦᠬᠡБүсгүй заяа-Буу Сүхээ

2024-03-15

849

ᠪᠦᠰᠡᠭᠦᠢ ᠵᠠᠶᠠᠭ᠎ᠠ

              ᠪᠤᠤ ᠰᠦᠬᠡ 

ᠠᠢᠯ ᠡᠷᠦᠬᠡ ᠪᠡᠨ ᠭᠡᠷᠡᠯᠲᠦᠭᠦᠯᠵᠦ ᠢᠷᠡᠭᠰᠡᠨ 
ᠠᠴᠢ ᠬᠣᠢᠴᠢᠰ ᠢ᠋ᠶ᠋ᠠᠨ ᠬᠥᠮᠦᠵᠢᠭᠦᠯᠵᠦ ᠰᠤᠷᠭᠠᠭᠰᠠᠨ 
ᠠᠵᠢᠯᠴᠢ ᠬᠥᠳᠡᠯᠮᠦᠷᠢᠴᠢ ᠠᠷᠢᠭᠤᠨ ᠰᠤᠷᠲᠠᠯ ᠲᠠᠢ 
ᠠᠵᠠ ᠪᠤᠶᠠᠨ ᠢ᠋ ᠬᠤᠷᠤᠢᠯᠠᠭᠰᠠᠨ ᠪᠦᠰᠡᠭᠦᠢ ᠵᠠᠶᠠᠭ᠎ᠠ 

ᠴᠠᠢᠯᠭᠠᠨ ᠰᠡᠳᠬᠢᠯ ᠲᠡᠢ ᠮᠠᠯᠴᠢᠨ ᠤ᠋ ᠬᠡᠦᠬᠡᠨ 
ᠴᠢᠳᠠᠪᠤᠷᠢ ᠡᠷᠳᠡᠮ ᠬᠣᠣᠰᠯᠠᠭᠰᠠᠨ ᠵᠢᠰᠦᠯᠢᠭ ᠪᠡᠷᠢ 
ᠴᠠᠭᠠᠲᠠᠢ ᠠᠢᠯ ᠤ᠋ᠨ ᠤᠬᠠᠭᠠᠨᠲᠤ ᠥᠬᠢᠨ ᠠᠯᠳᠠᠷᠲᠠᠢ 
ᠴᠢᠷᠮᠠᠢᠨ ᠲᠡᠮᠡᠴᠡᠳᠡᠭ ᠶᠢᠷᠲᠢᠨᠴᠦ ᠶ᠋ᠢᠨ ᠪᠦᠰᠡᠭᠦᠢ ᠵᠠᠶᠠᠭ᠎ᠠ 

ᠦᠳᠡᠯᠦᠭᠡ ᠨᠠᠰᠤᠲᠠᠨ ᠢ᠋ᠶ᠋ᠠᠨ ᠠᠰᠠᠷᠠᠨ ᠰᠤᠪᠢᠯᠠᠵᠤ
ᠦᠷ᠎ᠡ ᠬᠡᠦᠬᠡᠳ ᠢ᠋ᠶ᠋ᠡᠨ ᠥᠰᠬᠡᠵᠦ ᠬᠥᠮᠦᠵᠢᠭᠦᠯᠦᠭᠰᠡᠨ
ᠦᠢᠯᠡᠰ ᠦ᠋ᠨ ᠰᠠᠢᠬᠠᠨ ᠳ᠋ᠠᠭᠠᠨ ᠭᠢᠯᠠᠷᠠᠭᠤᠯᠤᠭᠰᠠᠨ
ᠥᠨᠳᠥᠷ ᠲᠩᠷᠢ ᠶ᠋ᠢᠨ ᠶᠠᠩᠵᠢᠩᠯᡁᠮᠤ ᠪᠤᠷᠬᠠᠨ ᠤ᠋ ᠪᠦᠷᠢᠯᠸ᠎ᠠ

ᠨᠣᠮᠢᠨ ᠪᠠᠢᠭᠠᠯᠢ ᠨᠣᠭᠣᠭᠠᠨ ᠲᠣᠷᠭᠠᠨ ᠵᠦᠯᠭᠡ
ᠨᠤᠲᠤᠭ ᠤᠰᠤ ᠪᠠᠨ ᠪᠦᠲᠦᠭᠡᠨ ᠪᠠᠢᠭᠤᠯᠵᠤ
ᠨᠠᠮ ᠵᠠᠰᠠᠭ ᠲᠠᠭᠠᠨ ᠦᠨᠡᠨᠴᠢ ᠰᠢᠳᠤᠷᠭᠤ ᠦᠢᠯᠡᠴᠢᠯᠡᠵᠦ
ᠨᠡᠷ᠎ᠡ ᠠᠯᠳᠠᠷ ᠢ᠋ᠶ᠋ᠠᠨ ᠮᠠᠨᠳᠤᠭᠤᠯᠤᠭᠰᠠᠨ ᠪᠦᠰᠡᠭᠦᠢ ᠵᠠᠶᠠᠭ᠎ᠠ

ᠬᠣᠲᠠᠯᠠ ᠣᠯᠠᠨ ᠲᠠᠢ ᠪᠠᠨ ᠬᠣᠨᠢ ᠮᠠᠯ ᠢ᠋ᠶ᠋ᠠᠨ ᠬᠠᠷᠢᠭᠤᠯᠤᠭᠰᠠᠨ
ᠬᠣᠯᠠ ᠣᠢᠷ᠎ᠠ ᠳ᠋ᠠᠭᠠᠨ ᠳᠠᠭᠤᠷᠢᠶᠠᠯ ᠲᠠᠢ ᠡᠩ ᠦ᠋ᠨ ᠮᠠᠯᠴᠢᠨ
ᠬᠣᠣᠰᠯᠠᠨ ᠵᠢᠷᠭᠠᠭᠰᠠᠨ ᠠ᠋ᠴᠠ ᠬᠠᠳᠠᠮ ᠢ᠋ᠶ᠋ᠠᠨ ᠭᠡᠷᠡᠯᠲᠦᠭᠦᠯᠦᠭᠰᠡᠨ
ᠬᠣᠷᠸ᠎ᠠ ᠳ᠋ᠤ᠌ ᠭᠠᠭᠴᠠᠬᠠᠨ ᠬᠥᠭᠡᠷᠦᠬᠦᠢ ᠪᠦᠰᠡᠭᠦᠢ ᠵᠠᠶᠠᠭ᠎ᠠ

ᠦᠷ ᠦ᠋ᠨ ᠭᠡᠭᠡ ᠶ᠋ᠢ ᠦᠨᠢᠶᠡᠨ ᠵᠡᠯ᠎ᠡ ᠳᠡᠭᠡᠷ᠎ᠡ ᠤᠭᠲᠤᠭᠰᠠᠨ
ᠦᠯᠡᠮᠵᠢ ᠶᠡᠬᠡ ᠬᠠᠢᠷ᠎ᠠ ᠪᠠᠷ ᠦᠷ᠎ᠡ ᠶ᠋ᠢᠨ ᠵᠠᠶᠠᠭ᠎ᠠ ᠶ᠋ᠢ ᠬᠦᠷᠲᠡᠭᠰᠡᠨ
ᠥᠷᠥᠰᠢᠶᠡᠯ ᠬᠠᠢᠷᠠᠲᠠᠢ ᠡᠵᠢ ᠬᠥᠮᠦᠨ ᠦ᠌ ᠡᠷᠬᠢᠮ ᠢ᠋ ᠡᠵᠡᠯᠡᠭᠰᠡᠨ
ᠦᠵᠡᠰᠬᠦᠯᠡᠩᠲᠦ ᠲᠠᠯ᠎ᠠ ᠨᠤᠲᠤᠭ ᠤ᠋ᠨ ᠪᠦᠰᠡᠭᠦᠢ ᠵᠠᠶᠠᠭ᠎ᠠ

ᠤᠯᠤᠰ ᠦᠨᠳᠦᠰᠦᠲᠡᠨ ᠦ᠌ ᠪᠡᠨ ᠬᠠᠭᠠᠰ ᠲᠤᠯᠭᠠᠭᠤᠷᠢ
ᠤᠶᠠᠩᠭ᠎ᠠ ᠡᠬᠡᠰᠢᠭ ᠢᠷᠠᠭᠤ ᠨᠠᠢᠷᠠᠭ ᠲᠠᠢ ᠤᠷᠠᠨ ᠲᠣᠳᠢ
ᠤᠷᠢ ᠵᠠᠯᠠᠭᠤ ᠠ᠋ᠴᠠ ᠠᠪᠤᠭᠠᠳ ᠬᠥᠳᠡᠯᠮᠦᠷᠢ ᠲᠡᠮᠡᠴᠡᠯ ᠳ᠋ᠦ᠍ ᠡᠷᠬᠡ ᠲᠡᠭᠰᠢ
ᠤᠳᠤᠮ ᠤᠭᠰᠠᠭ᠎ᠠ ᠶ᠋ᠢ ᠵᠠᠯᠭᠠᠮᠵᠢᠯᠠᠭᠤᠯᠤᠭᠰᠠᠨ ᠪᠦᠰᠡᠭᠦᠢ ᠵᠠᠶᠠᠭ᠎ᠠ

ᠮᠢᠩᠭᠠᠨ ᠮᠢᠩᠭᠠᠨ ᠳ᠋ᠤ᠌ ᠰᠡᠬᠦᠢᠨ ᠰᠦᠮᠪᠦᠷᠯᠡᠭᠰᠡᠨ
ᠮᠠᠨᠳᠤᠯ ᠬᠥᠭᠵᠢᠯ ᠦ᠋ᠨ ᠳᠠᠷᠬᠠᠨ ᠤᠶᠠᠩᠭ᠎ᠠ
ᠮᠠᠯᠵᠢᠬᠤ ᠨᠤᠲᠤᠭ ᠤ᠋ᠨ ᠪᠠᠶᠠᠯᠢᠭ ᠢ᠋ ᠭᠠᠢᠬᠠᠭᠤᠯᠤᠭᠰᠠᠨ
ᠮᠠᠷᠭᠠᠰᠢ ᠪᠠᠨ ᠤᠭᠲᠤᠭᠰᠠᠨ ᠪᠦᠰᠡᠭᠦᠢ ᠵᠠᠶᠠᠭ᠎ᠠ

ᠬᠠᠨᠢ ᠠᠮᠠᠷᠠᠭ ᠤ᠋ᠨ ᠬᠠᠳᠠᠨ ᠪᠠᠲᠤ ᠲᠦᠰᠢᠭ
ᠬᠠᠨᠠᠲᠤ ᠭᠡᠷ ᠡᠷᠦᠬᠡ ᠳ᠋ᠡᠭᠡᠨ ᠬᠠᠢᠷ᠎ᠠ ᠶ᠋ᠢᠨ ᠨᠠᠷᠠ
ᠬᠠᠯᠠᠭᠤᠨ ᠳᠤᠯᠠᠭᠠᠨ ᠠᠮᠢᠳᠤᠷᠠᠯ ᠲᠡᠮᠡᠴᠡᠯ ᠳ᠋ᠡᠭᠡᠨ
ᠬᠠᠲᠤᠨ ᠤᠬᠠᠭᠠᠨᠲᠤ ᠰᠡᠷᠭᠦᠯᠡᠩ ᠪᠦᠰᠡᠭᠦᠢ ᠵᠠᠶᠠᠭ᠎ᠠ

ᠵᠠᠭᠤᠨ ᠵᠠᠭᠤᠨ ᠳ᠋ᠤ᠌ ᠵᠦᠮᠪᠦᠷᠯᠡᠭᠰᠡᠨ ᠭᠡᠷᠡᠯ ᠭᠢᠯᠪᠠᠭ᠎ᠠ
ᠵᠢᠷᠦᠬᠡ ᠰᠡᠳᠬᠢᠯ ᠢ᠋ ᠬᠣᠯᠪᠣᠭᠰᠠᠨ ᠨᠠᠰᠤᠨ ᠤ᠋ ᠤᠶᠠᠭ᠎ᠠ
ᠵᠡᠭᠦᠳᠦᠨ ᠲᠡᠷᠭᠡᠯᠰᠢᠭᠰᠡᠨ ᠥᠯᠥᠭᠡᠢ ᠨᠤᠲᠤᠭ
ᠵᠢᠷᠤᠭ ᠰᠢᠭ᠋ ᠭᠣᠶᠣᠬᠠᠨ ᠪᠦᠰᠡᠭᠦᠢ ᠵᠠᠶᠠᠭ᠎ᠠ

ᠰᠣᠷᠭᠣᠭ ᠴᠡᠴᠡᠭ ᠢ᠋ ᠢᠴᠢᠭᠡᠮᠡᠷ ᠰᠠᠷᠠᠨ ᠳᠠᠭᠢᠨᠢ
ᠰᠤᠤ ᠪᠢᠯᠢᠭ ᠢ᠋ᠶ᠋ᠡᠷ ᠢ᠋ᠶ᠋ᠡᠨ ᠠᠯᠢᠪᠠ ᠦᠢᠯᠡᠰ ᠢ᠋ᠶ᠋ᠡᠨ ᠪᠦᠲᠦᠭᠡᠭᠰᠡᠨ
ᠰᠤᠷᠲᠠᠯ ᠤᠬᠠᠭᠠᠨ ᠶᠣᠰᠣ ᠮᠣᠷᠠᠯ ᠢ᠋ ᠡᠷᠬᠢᠮᠯᠡᠭᠰᠡᠨ
ᠰᠣᠳᠣᠨ ᠰᠠᠢᠬᠠᠨ ᠶᠠᠷᠢᠶ᠎ᠠ ᠬᠡᠯᠡᠯᠭᠡ ᠲᠡᠢ ᠪᠦᠰᠡᠭᠦᠢ ᠵᠠᠶᠠᠭ᠎ᠠ!

            2024.03.07 ᠳ᠋ᠤ᠌ ᠬᠥᠬᠡᠬᠣᠲᠠᠨ᠎ᠠ ᠪᠢᠴᠢᠪᠡ᠃

     ᠦᠰᠦᠭ ᠠᠮᠢᠯᠠᠭᠤᠯᠤᠭᠴᠢ᠄ ᠪᠠᠶᠠᠨᠰᠡᠷᠡᠩ 
     ᠬᠢᠨᠠᠭᠴᠢ ᠪᠠᠭᠰᠢ᠄ ᠰᠡᠬᠡᠭᠡᠷᠡᠯ᠂ ᠣᠳᠬᠠᠨᠰᠣ᠎ᠠ