《ᠭᠤᠷᠪᠠ᠂ ᠨᠠᠢ᠍ᠮᠠ》 ᠶ᠋ᠢᠨ ᠪᠠᠶᠠᠷ ᠲᠠᠭᠠᠨ-ᠯᠢ ᠪᠥᠬᠡᠪᠠᠶᠠᠷГурав, найм-гийн баяртаа-Ли Бөхбаяр
《ᠭᠤᠷᠪᠠ᠂ ᠨᠠᠢ᠍ᠮᠠ》 ᠶ᠋ᠢᠨ ᠪᠠᠶᠠᠷ ᠲᠠᠭᠠᠨ
ᠪᠦᠬᠦ ᠳᠡᠯᠡᠬᠡᠢ ᠶ᠋ᠢᠨ ᠡᠮᠡᠭᠲᠡᠢᠴᠦᠳ ᠦ᠋ᠨ ᠪᠠᠶᠠᠷ ᠤ᠋ᠨ114 ᠵᠢᠯ ᠦ᠋ᠨ ᠣᠢ ᠳ᠋ᠤ᠌ ᠳᠡᠪᠰᠢᠭᠦᠯᠪᠡ
ᠯᠢ ᠪᠥᠬᠡᠪᠠᠶᠠᠷ
ᠴᠡᠩᠭᠡᠯ ᠵᠢᠷᠭᠠᠯ ᠢ᠋ ᠴᠡᠴᠡᠭᠯᠡᠭᠦᠯᠦᠨ ᠪᠠᠳᠠᠷᠠᠭᠤᠯᠵᠤ
ᠴᠡᠮᠴᠡᠭᠡᠷ ᠡᠷᠦᠬᠡ ᠪᠡᠨ ᠴᠡᠪᠡᠷᠯᠡᠨ ᠭᠣᠶᠣᠯᠠᠭᠠᠳ
ᠴᠢᠩ ᠦᠨᠡᠨᠴᠢ ᠴᠡᠭᠡᠵᠢᠨ ᠦ᠌ ᠰᠤᠷᠭᠠᠯ ᠢ᠋ᠶ᠋ᠠᠷ ᠢ᠋ᠶ᠋ᠠᠨ
ᠴᠡᠴᠡᠷᠯᠢᠭᠴᠢ ᠪᠣᠯᠵᠤ ᠦᠷ᠎ᠡ ᠪᠡᠨ ᠬᠥᠮᠦᠵᠢᠭᠦᠯᠦᠭᠰᠡᠨ
ᠳᠡᠭᠵᠢᠷᠡᠬᠦ ᠦᠢᠯᠡᠰ ᠦ᠋ᠨ ᠬᠠᠭᠠᠰ ᠲᠩᠷᠢ
ᠳᠡᠭᠵᠢᠨ ᠦᠵᠡᠰᠬᠦᠯᠡᠩᠲᠦ ᠢᠨᠠᠭ ᠤ᠋ᠨ ᠳᠠᠭᠢᠨᠢᠰ
ᠳᠡᠭᠡᠳᠦᠯᠡᠬᠦ ᠰᠢᠲᠦᠭᠡᠨ ᠠᠴᠢᠲᠤ ᠬᠥᠮᠦᠰ
ᠲᠥᠷᠥ ᠶ᠋ᠢᠨ ᠲᠤᠯᠭᠠᠭᠤᠷᠢ ᠬᠦᠨᠳᠦᠲᠦ ᠡᠮᠡᠭᠲᠡᠢᠴᠦᠳ ᠠ᠋᠂
ᠭᠤᠸ᠎ᠠ ᠰᠠᠢᠬᠠᠨ ᠢ᠋ ᠡᠷᠬᠢᠮᠯᠡᠨ ᠳᠡᠭᠡᠵᠢᠯᠡᠵᠦ
ᠭᠤᠸᠠᠯᠢᠭ ᠵᠢᠪᠬᠤᠭ᠎ᠠ ᠪᠠᠷ ᠪᠡᠶ᠎ᠡ ᠪᠡᠨ ᠴᠢᠮᠡᠭᠡᠳ
ᠳᠤᠨᠳᠠᠷᠠᠰᠢ ᠦᠭᠡᠢ ᠬᠠᠢᠷ᠎ᠠ ᠶ᠋ᠢ ᠨᠡᠷᠡᠵᠦ
ᠳᠣᠷᠣᠨ᠎ᠠ ᠰᠠᠴᠤᠷᠠᠬᠤ ᠢᠲᠡᠭᠡᠯ ᠢ᠋ᠶ᠋ᠡᠨ ᠬᠣᠯᠪᠣᠭᠰᠠᠨ
ᠠᠵᠢᠯᠰᠠᠭ ᠪᠣᠷᠣᠭᠵᠢᠭᠤᠨ ᠡᠷᠬᠢᠮ ᠮᠣᠷᠠᠯ ᠲᠠᠢ
ᠠᠷᠢᠭᠤᠨ ᠲᠣᠬᠢᠯᠢᠭ ᠭᠡᠷ ᠪᠦᠯᠢ ᠶ᠋ᠢᠨ
ᠠᠴᠢᠯᠠᠯ ᠵᠢᠷᠤᠮᠲᠤ ᠪᠣᠯᠪᠠᠰᠤᠨ ᠰᠤᠷᠲᠠᠯ ᠲᠠᠢ
ᠠᠩᠭ᠎ᠠ ᠪᠠᠭᠠᠴᠤᠳ ᠤ᠋ᠨ ᠠᠩᠬᠠᠨ ᠤ᠋ ᠪᠠᠭᠰᠢ ᠠ᠋᠂
ᠮᠢᠷᠠᠯᠵᠠᠬᠤ ᠴᠡᠴᠡᠭ ᠦ᠋ᠨ ᠨᠠᠬᠢᠶ᠎ᠠ ᠴᠣᠮᠣᠷᠯᠢᠭ
ᠮᠦᠰᠢᠶᠡᠨ ᠳᠡᠯᠭᠡᠷᠡᠵᠦ ᠤᠯᠠᠷᠢᠯ ᠢ᠋ ᠴᠢᠮᠡᠭᠯᠡᠬᠦ ᠳ᠋ᠦ᠍
ᠮᠥᠩᠬᠡᠳᠡ ᠥᠭᠡᠳᠡᠯᠡᠬᠦ ᠡᠷᠦᠬᠡ ᠪᠡᠨ ᠰᠡᠬᠦᠭᠡᠳ
ᠮᠥᠩᠬᠡ ᠲᠤᠯᠭ᠎ᠠ ᠳ᠋ᠠᠭᠠᠨ ᠴᠣᠭ ᠮᠠᠨᠠᠭᠰᠠᠨ᠂
ᠭᠣᠯᠣᠮᠲᠠ ᠮᠥᠩᠬᠡᠷᠡᠬᠦ ᠵᠠᠯᠭᠠᠮᠵᠢ ᠬᠣᠢᠴᠢᠰ ᠤ᠋ᠨ
ᠠᠮᠢᠳᠤᠷᠠᠯ ᠤ᠋ᠨ ᠳᠠᠯᠠᠢ ᠳ᠋ᠤ᠌ ᠳᠠᠷᠪᠠᠭᠤᠯ ᠳᠡᠯᠭᠡᠭᠡᠨ
ᠭᠠᠩᠭᠠᠩ ᠬᠦᠰᠡᠯᠡᠩ ᠦ᠋ᠨ ᠵᠢᠳᠬᠦᠯ ᠲᠡᠮᠡᠦᠯᠦᠯ ᠳ᠋ᠦ᠍
ᠠᠰᠠᠵᠤ ᠳᠤᠸᠠᠯᠠᠭᠰᠠᠨ ᠭᠡᠷᠡᠯᠲᠦ ᠵᠤᠯᠠ ᠠ᠋᠂
ᠠᠵᠠ ᠥᠭᠡᠳᠡᠷᠬᠡᠭ ᠠᠯᠤᠰ ᠤ᠋ᠨ ᠬᠠᠷᠭᠤᠢ ᠳ᠋ᠤ᠌
ᠠᠮᠤᠭᠤᠯᠠᠩ ᠡᠰᠡᠷᠡᠭ ᠦ᠋ᠨ ᠠᠢᠷᠠᠭ ᠰᠦᠯᠡᠭᠡᠳ
ᠠᠰᠢᠳᠠ ᠬᠥᠭᠵᠢᠬᠦ ᠠᠶᠠᠨ ᠤ᠋ ᠵᠢᠪᠬᠤᠭ᠎ᠠ ᠳ᠋ᠤ᠌
ᠠᠮᠢᠯᠠᠯ ᠪᠠᠳᠠᠷᠠᠬᠤ ᠨᠠᠢᠷᠠᠭ ᠰᠥᠩᠨᠡᠭᠡᠳ
ᠠᠭᠠᠷ ᠲᠤ ᠲᠡᠷᠭᠡᠯᠯᠡᠬᠦ ᠰᠠᠷᠠᠨ ᠵᠦᠭ
ᠠᠯᠲᠠᠨ ᠵᠢᠯᠣᠭᠣ ᠪᠠᠷ ᠠᠮᠵᠢᠯᠲᠠ ᠬᠤᠷᠤᠢᠯᠠᠵᠤ
ᠨᠡᠢᠭᠡᠮ ᠦ᠋ᠨ ᠱᠠᠭᠠᠷᠳᠠᠯᠭ᠎ᠠ ᠶ᠋ᠢᠨ ᠨᠠᠨᠳᠢᠨ ᠬᠥᠮᠦᠵᠢᠯ ᠢ᠋ᠶ᠋ᠡᠷ
ᠨᠢᠯᠬ᠎ᠠ ᠬᠡᠦᠬᠡᠳ ᠢ᠋ᠶ᠋ᠡᠨ ᠥᠰᠬᠡᠨ ᠪᠣᠢᠵᠢᠭᠤᠯᠤᠭᠰᠠᠨ ᠠ᠋᠁
ᠡᠩᠬᠡ ᠡᠰᠡᠨᠢᠯ ᠢ᠋ᠶ᠋ᠡᠷ ᠥᠯᠥᠭᠡᠢ ᠪᠠᠶᠠᠰᠬᠠᠵᠤ
ᠡᠵᠢ ᠶ᠋ᠢᠨ ᠠᠩᠭᠢᠷ ᠰᠦ ᠪᠡᠨ ᠠᠩᠬᠢᠯᠤᠭᠤᠯᠤᠨ
ᠳᠤᠷᠠᠯᠠᠯ ᠴᠡᠴᠡᠭᠯᠡᠵᠦ ᠳᠤᠷᠠᠳᠬᠠᠯ ᠦᠷᠡᠯᠡᠬᠦ
ᠳᠡᠯᠭᠡᠷᠡᠬᠦ ᠮᠠᠷᠭᠠᠰᠢ ᠳ᠋ᠤ᠌ ᠨᠠᠷᠠ ᠪᠣᠯᠤᠭᠰᠠᠨ—
ᠡᠨᠡᠷᠢᠯ ᠦ᠋ᠨ ᠲᠩᠷᠢ ᠡᠵᠢ ᠬᠥᠮᠦᠰ ᠲᠡᠭᠡᠨ
ᠡᠭᠦᠷᠢᠳᠡ ᠳᠡᠭᠡᠵᠢᠯᠡᠭᠳᠡᠬᠦ ᠵᠥᠩᠨᠡᠯ ᠢ᠋ᠶ᠋ᠡᠨ ᠬᠦᠷᠭᠡᠶ᠎ᠡ
ᠡᠮᠡᠭᠲᠡᠢᠴᠦᠳ ᠦ᠋ᠨ ᠪᠠᠶᠠᠷ《 ᠭᠤᠷᠪᠠ᠂ ᠨᠠᠢ᠍ᠮᠠ》 ᠳ᠋ᠠᠭᠠᠨ
ᠡᠷᠬᠢᠮ ᠳᠡᠭᠡᠳᠦ ᠬᠦᠨᠳᠦᠳᠬᠡᠯ ᠢ᠋ᠶ᠋ᠡᠨ ᠳᠡᠪᠰᠢᠭᠦᠯᠦᠶ᠎ᠡ!
ᠲᠦᠩᠯᠢᠶᠣᠣ ᠬᠣᠲᠠ ᠶ᠋ᠢᠨ ᠨᠠᠢ᠍ᠮᠠᠨ ᠬᠤᠰᠢᠭᠤᠨ ᠤ᠋ ᠮᠣᠩᠭᠣᠯ ᠦᠨᠳᠦᠰᠦᠲᠡᠨ ᠦ᠌ ᠳᠤᠮᠳᠠᠳᠤ ᠰᠤᠷᠭᠠᠭᠤᠯᠢ ᠶ᠋ᠢᠨ ᠯᠢ ᠪᠥᠬᠡᠪᠠᠶᠠᠷ
ᠠᠮᠢᠯᠠᠭᠤᠯᠤᠭᠰᠠᠨ ᠨᠢ᠄ ᠪᠠᠶᠠᠨᠰᠡᠷᠡᠩ
ᠬᠢᠨᠠᠭᠴᠢ ᠪᠠᠭᠰᠢ ᠨᠢ᠄ ᠣᠳᠬᠠᠨᠰᠣ᠎ᠠ᠂ ᠰᠡᠬᠡᠭᠡᠷᠡᠯ
