ᠶᠠᠲᠤᠭ᠎ᠠ ᠶ᠋ᠢᠨ ᠲᠦᠮᠡᠨ ᠡᠭᠡᠰᠢᠭ-ᠬᠠᠯᠬ᠎ᠠ ᠰᠡᠴᠡᠩᠭᠤᠸ᠋ᠠЯтгын түмэн эгшиг-Халх Сацангува
ᠶᠠᠲᠤᠭ᠎ᠠ ᠶ᠋ᠢᠨ ᠲᠦᠮᠡᠨ ᠡᠭᠡᠰᠢᠭ
ᠬᠠᠯᠬ᠎ᠠ ᠰᠡᠴᠡᠩᠭᠤᠸ᠋ᠠ
ᠡᠭᠡᠰᠢᠭ ᠪᠠᠳᠠᠭ ᠶ᠋ᠢᠠᠷ ᠶ᠋ᠢᠠᠨ ᠬᠣᠯᠪᠣᠵᠤ ᠬᠡᠯᠬᠢᠬᠦ ᠳᠤ
ᠡᠬᠡ ᠬᠡᠯᠡ ᠮᠢᠨᠢ ᠢᠷᠠᠭᠤᠬᠠᠨ ᠡ
ᠡᠨᠡᠷᠢᠯ ᠬᠠᠶ᠋ᠢᠷ᠎ᠠ ᠶ᠋ᠢᠨ ᠳᠠᠯᠠᠢ ᠠ᠋ᠴᠠ ᠡᠷᠳᠡᠨᠢ ᠰᠤᠪᠤᠳ ᠱᠦᠭᠦᠬᠦ ᠳᠤ
ᠡᠵᠢ ᠶ᠋ᠢᠨ ᠠᠯᠳᠠᠷ ᠭᠢᠯᠠᠯᠵᠠᠩᠬᠠᠨ ᠡ
ᠮᠥᠴᠢᠷᠲᠦ ᠽᠠᠨᠳᠠᠨ ᠮᠣᠳᠣᠳ ᠳᠡᠭᠡᠷᠡᠬᠢ ᠮᠥᠷᠥᠭᠡᠳᠦᠯ ᠦ᠋ᠨ ᠲᠦᠮᠡᠨ ᠰᠣᠯᠣᠩᠭ᠎ᠠ
ᠮᠥᠩᠬᠡ ᠶ᠋ᠢᠨ ᠪᠤᠰᠤ ᠣᠷᠴᠢᠯᠠᠩ ᠳᠤ ᠪᠠᠨ
ᠮᠥᠮᠥ ᠶ᠋ᠢᠨ ᠰᠦ᠋ ᠠᠷᠢᠭᠤᠬᠠᠨ ᠡ
ᠭᠠᠯᠪᠠ ᠳᠡᠯᠡᠬᠡᠢ ᠡᠷᠬᠡᠰ ᠦ᠋ᠨ ᠭᠠᠩᠨᠠᠭᠤᠷᠴᠢᠨ ᠪᠢᠯᠡ ᠡᠵᠢ ᠨᠠᠷᠠᠨ
ᠭᠠᠵᠠᠷ ᠡᠬᠡ ᠡᠴᠢᠭᠡ ᠲᠩᠷᠢ ᠶ᠋ᠢᠨ ᠭᠠᠯ ᠨᠢ ᠪᠢᠯᠡ ᠡᠵᠢ ᠨᠠᠷᠠᠨ
ᠭᠠᠭᠴᠠᠬᠠᠨ ᠣᠯᠳᠠᠳᠠᠭ ᠨᠠᠰᠤᠨ ᠤ ᠮᠢᠨᠢ ᠰᠢᠲᠦᠭᠡᠨ ᠪᠢᠯᠡ ᠡᠵᠢ ᠨᠠᠷᠠᠨ
ᠭᠠᠳᠠᠭᠰᠢ ᠢᠪᠢᠯᠦᠨ ᠳᠣᠲᠣᠭᠰᠢ ᠤᠷᠤᠰᠳᠠᠭ ᠠᠮᠢᠰᠬᠤᠭ᠎ᠠ ᠪᠢᠯᠡ ᠡᠵᠢ ᠨᠠᠷᠠᠨ
ᠵᠠᠭᠤᠨ ᠵᠠᠭᠤᠨ ᠤ ᠴᠡᠴᠡᠭᠡᠰ ᠦ᠋ᠨ ᠥᠩᠭᠡ ᠶ᠋ᠢ ᠲᠠᠩᠰᠤᠭᠯᠠᠭᠰᠠᠨ ᠡᠵᠢ ᠨᠠᠷᠠᠨ
ᠵᠣᠪᠠᠯ ᠭᠤᠨᠢᠭ ᠊ᠢ ᠲᠡᠪᠴᠢᠵᠦ ᠵᠢᠷᠭᠠᠯ ᠬᠤᠷᠤᠶ᠋ᠢᠯᠠᠭᠰᠠᠨ ᠡᠵᠢ ᠨᠠᠷᠠᠨ
ᠳᠣᠯᠣᠭᠠᠳ ᠦ᠋ᠨ ᠣᠷᠣᠢ ᠪᠠᠷ ᠨᠢ ᠡᠭᠦᠯᠡᠰ ᠨᠡᠭᠦᠳᠡᠯᠯᠡᠭᠡᠳ ᠯᠡ ᠥᠩᠭᠡᠷᠡᠨ᠎ᠡ
ᠳᠣᠮᠣᠭ ᠲᠤᠤᠯᠢ ᠶ᠋ᠢᠨ ᠦᠯᠢᠭᠡᠷ ᠬᠡᠯᠬᠢᠵᠦ
ᠳᠡᠩᠳᠡᠭᠦᠦ ᠴᠠᠭᠠᠬᠠᠨ ᠡᠬᠡ ᠶ᠋ᠢᠨ ᠡᠨᠡᠷᠢᠯ ᠮᠥᠩᠬᠡᠵᠢᠨ᠎ᠡ ᠡ
ᠬᠠᠮᠤᠭ ᠊ᠢ ᠢᠪᠡᠭᠡᠭᠴᠢ ᠬᠠᠲᠤᠨ ᠬᠠᠶ᠋ᠢᠷ᠎ᠠ ᠶ᠋ᠢᠨ ᠡᠭᠡᠰᠢᠭ
ᠶᠠᠩᠵᠢᠨᡀᠮᠡᠤ ᠪᠤᠷᠬᠠᠨ ᠤ ᠶᠠᠲᠤᠭ᠎ᠠ ᠶ᠋ᠢᠨ ᠪᠤᠮᠠᠨ ᠶᠣᠩᠬᠣᠷ ᠳᠡᠭᠡᠷ᠎ᠡ
ᠶᠠᠲᠤᠭᠠᠳᠠᠭᠠᠳ ᠳᠠᠭᠤᠯᠠᠭᠠᠳ ᠳᠤᠮᠳᠠᠷᠠᠳᠠᠭ ᠦᠭᠡᠢ ᠠᠶ᠋ᠢᠵᠠᠮ
ᠬᠠᠷᠠᠩᠭᠤᠢ ᠶ᠋ᠢ ᠭᠡᠷᠡᠯᠲᠦᠭᠦᠯᠦᠭᠴᠢ ᠵᠤᠯᠠ ᠶ᠋ᠢᠨ ᠭᠠᠭᠴᠠᠬᠠᠨ ᠭᠣᠣᠯ
ᠬᠠᠮᠤᠭ ᠪᠦᠬᠦᠨ ᠊ᠢ ᠢᠯᠠᠭᠴᠢ ᠰᠤᠤ ᠤᠬᠠᠭᠠᠨ ᠤ ᠥᠪ
ᠡᠷᠢᠶᠡᠨ ᠬᠣᠷᠸ᠋᠎ᠠ ᠶ᠋ᠢ ᠵᠥᠭᠡᠯᠡᠯᠡᠨ ᠡᠪᠬᠡᠵᠦ ᠳᠡᠯᠭᠡᠭᠴᠢ ᠬᠥᠯᠭᠡᠨ ᠰᠤᠳᠤᠷ
ᠡᠷᠳᠡᠨᠢᠲᠦ ᠪᠡᠶ᠎ᠡ ᠪᠡᠨ ᠬᠤᠪᠢᠶᠠᠵᠤ ᠦᠷᠭᠦᠯᠵᠢᠯᠡᠯ ᠡᠰᠬᠡᠭᠰᠡᠨ ᠰᠣᠨᠳᠣᠷ
ᠬᠥᠯ ᠦᠭᠡᠢ ᠭᠦᠨ ᠰᠦᠨ ᠳᠠᠯᠠᠢ ᠳ᠋ᠠᠬᠢ ᠬᠦᠢ ᠤᠭᠰᠠᠭᠠᠨ ᠤ ᠵᠠᠯᠭᠠᠮᠵᠢ
ᠬᠥᠬᠡ ᠮᠣᠩᠭᠣᠯ ᠦ᠋ᠨ ᠡᠵᠢ ᠪᠦᠬᠦᠨ ᠦ ᠡᠨᠡᠷᠢᠯ ᠦ᠋ᠨ ᠥᠯᠮᠡᠢ ᠳᠤ ᠰᠥᠬᠥᠷᠡᠨᠡᠮ
ᠦᠰᠦᠭ ᠠᠮᠢᠯᠠᠭᠤᠯᠤᠭᠴᠢ᠄ ᠱᠠᠭᠰᠠᠯ
ᠬᠢᠨᠠᠭᠴᠢ᠄ ᠰᠡᠬᠡᠭᠡᠷᠡᠯ᠂ ᠣᠳᠬᠠᠨᠰᠣ᠎ᠠ
