ᠰᠢᠷ᠎ᠠ ᠬᠠᠷᠭᠠᠢШар харгайShar khargai ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠢᠷ᠎ᠠ ᠬᠠᠷᠭᠠᠢШар харгайShar khargai

ᠰᠢᠷ᠎ᠠ ᠬᠠᠷᠭᠠᠢШар харгайShar khargai

2024-03-14

558

ᠰᠢᠷ᠎ᠠ ᠬᠠᠷᠭᠠᠢ

         ᠨᠠᠷᠠᠰᠤ ᠶ᠋ᠢᠨ ᠢᠵᠠᠭᠤᠷ
    ᠨᠠᠪᠴᠢ ᠵᠤᠯᠭᠠᠷᠠᠬᠤ ᠲᠤᠷᠤᠭ ᠮᠣᠳᠣ᠂25—30m ᠥᠨᠳᠥᠷ᠃ ᠮᠣᠳᠣᠨ ᠤ᠋ ᠰᠠᠷᠠᠪᠴᠢ ᠨᠢ ᠰᠤᠪᠤᠷᠭ᠎ᠠ ᠰᠢᠭ᠋ ᠪᠠ ᠪᠦᠳᠡᠭᠢ ᠬᠦᠷᠡᠩ ᠬᠣᠯᠲᠣᠰᠣ ᠲᠠᠢ; ᠲᠤᠰ ᠵᠢᠯ ᠦ᠋ᠨ ᠤᠷᠲᠤ ᠮᠥᠴᠢᠷ ᠨᠢ ᠰᠢᠷ᠎ᠠ ᠬᠦᠷᠡᠩ᠂ ᠬᠣᠶᠠᠷ ᠨᠠᠰᠤ ᠠ᠋ᠴᠠ ᠳᠡᠭᠡᠭᠰᠢ ᠤᠷᠲᠤ ᠮᠥᠴᠢᠷ ᠨᠢ ᠠᠭᠠᠵᠢᠮ ᠳ᠋ᠠᠭᠠᠨ ᠤᠯᠠᠭᠠᠨ ᠬᠦᠷᠡᠩ᠂ ᠪᠦᠳᠡᠭᠢ ᠬᠦᠷᠡᠩ᠂ ᠬᠠᠷᠠᠪᠲᠤᠷ ᠬᠦᠷᠡᠩ ᠪᠣᠯᠵᠤ ᠬᠤᠪᠢᠷᠠᠳᠠᠭ᠃ ᠣᠬᠣᠷ ᠮᠥᠴᠢᠷ ᠳᠠᠬᠢ ᠨᠢᠭ ᠤᠷᠭᠤᠭᠰᠠᠨ ᠨᠠᠪᠴᠢᠨ ᠤ᠋ ᠰᠠᠭᠤᠳᠠᠯ ᠤ᠋ᠨ ᠬᠣᠭᠣᠷᠣᠨᠳᠣ ᠭᠦᠢᠬᠡᠨ ᠰᠢᠷ᠎ᠠ ᠥᠩᠭᠡᠲᠡᠢ ᠵᠥᠭᠡᠯᠡᠨ ᠦᠰᠦ ᠪᠣᠢ᠃ ᠰᠢᠯᠮᠦᠦᠰᠦ ᠨᠢ ᠬᠠᠪᠲᠠᠭᠠᠢ ᠲᠡᠪᠡᠨᠡ ᠰᠢᠭ ᠪᠦᠰᠡ ᠬᠡᠯᠪᠡᠷᠢ ᠲᠡᠢ᠂1—2᠂8cm ᠤᠷᠲᠤ᠂ ᠠᠷᠤ ᠳ᠋ᠠᠬᠢ ᠭᠣᠣᠯ ᠰᠤᠳᠠᠯ ᠨᠢ ᠬᠦᠷᠡᠢᠵᠦ ᠬᠠᠷᠠᠭᠳᠠᠨ᠎ᠠ᠂ ᠨᠡᠯᠢᠶᠡᠳ ᠢᠯᠡᠬᠡᠨ ᠴᠠᠢᠪᠤᠷ ᠨᠣᠭᠣᠭᠠᠨ ᠥᠩᠭᠡᠲᠦ ᠬᠡᠢ ᠶ᠋ᠢᠨ ᠠᠮᠠᠰᠠᠷ ᠤ᠋ᠨ ᠴᠤᠪᠤᠭ᠎ᠠ ᠲᠠᠢ᠃ ᠴᠡᠴᠡᠭ ᠨᠢ ᠭᠠᠭᠴᠠ ᠪᠡᠯᠭᠡ ᠲᠡᠢ᠂ ᠨᠢᠭᠡ ᠭᠡᠷ ᠲᠡᠢ᠂ ᠣᠬᠣᠷ ᠮᠥᠴᠢᠷ ᠦ᠋ᠨ ᠣᠷᠣᠢ ᠳ᠋ᠤ᠌ ᠤᠷᠭᠤᠨ᠎ᠠ᠃ ᠡᠷ᠎ᠡ ᠪᠠᠭ ᠴᠡᠴᠡᠭ ᠨᠢ ᠪᠥᠮᠪᠦᠭᠡᠨ ᠬᠡᠯᠪᠡᠷᠢ ᠲᠡᠢ᠂ ᠰᠢᠷ᠎ᠠ; ᠡᠮ᠎ᠡ ᠪᠠᠭ ᠴᠡᠴᠡᠭ ᠨᠢ ᠪᠥᠮᠪᠦᠭᠡᠨ ᠬᠡᠯᠪᠡᠷᠢ ᠲᠡᠢ᠂ ᠶᠡᠷᠦ ᠳ᠋ᠡᠭᠡᠨ ᠨᠣᠭᠣᠪᠲᠤᠷ ᠬᠦᠷᠡᠩ᠃ ᠪᠤᠭᠤᠷᠴᠠᠭ ᠨᠢ ᠤᠷᠲᠤᠯᠵᠢᠨ ᠥᠨᠳᠡᠭᠡᠯᠵᠢᠨ ᠪᠤᠶᠤ ᠥᠨᠳᠡᠭᠡᠯᠵᠢᠨ ᠪᠥᠮᠪᠦᠭᠡᠨ ᠬᠡᠯᠪᠡᠷᠢ ᠲᠡᠢ᠂ ᠡᠬᠢᠨ ᠳ᠋ᠡᠭᠡᠨ ᠣᠯᠠᠪᠲᠤᠷ ᠪᠣᠷᠣ ᠪᠠᠢᠵᠤ ᠰᠡᠭᠦᠯᠡᠷ ᠨᠢ ᠬᠦᠷᠡᠩ ᠪᠣᠯᠵᠤ ᠬᠤᠪᠢᠷᠠᠳᠠᠭ᠃ ᠦᠷ᠎ᠡ ᠶ᠋ᠢᠨ ᠬᠠᠢᠷᠰᠤ ᠨᠢ20—40 ᠂ ᠥᠷᠭᠡᠨ ᠥᠨᠳᠡᠭᠡᠯᠵᠢᠨ ᠪᠤᠶᠤ ᠪᠠᠷᠤᠭ ᠲᠣᠭᠣᠷᠢᠭ᠂ ᠬᠥᠪᠡᠭᠡ ᠨᠢ ᠳᠣᠯᠭᠢᠶᠠᠯᠠᠭᠰᠠᠨ ᠰᠢᠭ᠋ ᠬᠡᠷᠴᠢᠶᠡᠰᠦ ᠲᠡᠢ᠂ ᠳᠡᠭᠡᠷ᠎ᠡ ᠪᠡᠨ ᠪᠤᠯᠴᠢᠷᠬᠠᠢ ᠦᠰᠦ ᠲᠡᠢ; ᠪᠠᠭᠯᠠᠭᠴᠢ ᠬᠠᠢᠷᠰᠤ ᠨᠢ ᠭᠦᠨ ᠪᠣᠷᠣᠪᠲᠤᠷ ᠬᠦᠷᠡᠩ; ᠦᠷ᠎ᠡ ᠨᠢ ᠬᠡᠯᠲᠡᠭᠡᠢ ᠭᠤᠷᠪᠠᠯᠵᠢᠨ ᠰᠢᠭ᠋ ᠪᠤᠶᠤ ᠲᠣᠩᠭᠣᠷᠠᠭᠤ ᠥᠨᠳᠡᠭᠡᠯᠵᠢᠨ᠃
    ᠣᠯᠠᠩᠬᠢ ᠳ᠋ᠠᠭᠠᠨ ᠰᠡᠭᠦᠳᠡᠷᠯᠢᠭ ᠴᠢᠭᠢᠭᠲᠡᠢ ᠠᠭᠤᠯᠠ ᠶ᠋ᠢᠨ ᠬᠠᠵᠠᠭᠤ᠂ ᠭᠠᠯᠲᠤ ᠠᠭᠤᠯᠠ ᠶ᠋ᠢᠨ ᠦᠨᠡᠰᠦᠲᠦ ᠬᠥᠷᠥᠰᠥ ᠬᠢᠭᠡᠳ ᠬᠠᠢᠷ ᠴᠢᠯᠠᠭᠤᠲᠤ ᠭᠠᠵᠠᠷ ᠢ᠋ᠶ᠋ᠠᠷ ᠤᠷᠭᠤᠨ᠎ᠠ᠃
ᠮᠠᠨ ᠤ᠋ ᠤᠯᠤᠰ ᠤ᠋ᠨ ᠵᠡᠭᠦᠨ ᠬᠣᠢᠲᠤ ᠣᠷᠣᠨ ᠤ᠋ ᠡᠯ᠎ᠡ ᠭᠠᠵᠠᠷ ᠤ᠋ᠳ ᠢ᠋ᠶ᠋ᠠᠷ ᠪᠦᠷ ᠤᠷᠭᠤᠳᠠᠭ᠃
ᠬᠣᠯᠲᠣᠰᠣ ᠨᠢ ᠡᠯᠳᠡᠭᠦᠷᠢ ᠶ᠋ᠢᠨ ᠲᠦᠭᠦᠬᠡᠢ ᠡᠳ᠋ ᠮᠥᠨ᠃ ᠮᠣᠳᠣ ᠶ᠋ᠢ ᠨᠢ ᠭᠡᠷ ᠪᠠᠷᠢᠯᠭ᠎ᠠ᠂ ᠳᠡᠷ᠎ᠡ ᠮᠣᠳᠣ᠂ ᠣᠩᠭᠣᠴᠠ ᠵᠡᠷᠭᠡ ᠳ᠋ᠦ᠍ ᠬᠡᠷᠡᠭᠯᠡᠨ᠎ᠡ᠃
ᠬᠢᠲᠠᠳ ᠨᠡᠷ᠎ᠡ᠄黄花落叶松
ᠠᠩᠭ᠌ᠯᠢ ᠨᠡᠷ᠎ᠡ᠄Larix olgensis Henry
   ᠦᠰᠦᠭ ᠠᠮᠢᠯᠠᠭᠤᠯᠤᠭᠴᠢ᠄ ᠣ ᠰᠡᠴᠡᠨᠳᠦ
   ᠬᠢᠨᠠᠭᠴᠢ᠄ ᠲᠤᠶᠠᠭ᠎ᠠ