ᠬᠠᠷᠭᠠᠢ(ᠬᠠᠷ᠎ᠠ ᠮᠣᠳᠣ᠂ ᠰᠢᠨᠡᠰᠦ᠂ ᠨᠠᠷᠬᠠᠨ ᠮᠣᠳᠣ)Харгай

ᠬᠠᠷᠭᠠᠢ(ᠬᠠᠷ᠎ᠠ ᠮᠣᠳᠣ᠂ ᠰᠢᠨᠡᠰᠦ᠂ ᠨᠠᠷᠬᠠᠨ ᠮᠣᠳᠣ)
ᠨᠠᠷᠠᠰᠤ ᠶ᠋ᠢᠨ ᠢᠵᠠᠭᠤᠷ
ᠨᠠᠪᠴᠢ ᠵᠤᠯᠭᠠᠷᠠᠬᠤ ᠲᠤᠷᠤᠭ ᠮᠣᠳᠣ᠂ 30m ᠬᠢᠷᠢ ᠥᠨᠳᠥᠷ᠃ ᠲᠣᠮᠣ ᠰᠠᠯᠠᠭ᠎ᠠ ᠮᠥᠴᠢᠷ ᠨᠢ ᠬᠡᠳᠦᠢᠪᠡᠷ ᠳᠡᠯᠭᠡᠷᠡᠩᠭᠦᠢ ᠤᠷᠭᠤᠬᠤ ᠪᠣᠯᠪᠠᠴᠤ ᠵᠠᠷᠢᠮ ᠳ᠋ᠠᠭᠠᠨ ᠦᠵᠦᠭᠦᠷ ᠨᠢ ᠵᠢᠭᠠᠬᠠᠨ ᠤᠨᠵᠢᠢᠳᠠᠭ᠃ ᠰᠢᠯᠮᠦᠦᠰᠦ ᠨᠢ ᠲᠤᠩ ᠨᠠᠷᠢᠨ ᠪᠦᠰᠡ ᠬᠡᠯᠪᠡᠷᠢ ᠲᠡᠢ ᠪᠥᠭᠡᠳ 1—3cm ᠤᠷᠲᠤ᠂ ᠠᠷᠤ ᠳ᠋ᠠᠭᠠᠨ ᠬᠦᠷᠡᠢᠭᠰᠡᠨ ᠭᠣᠣᠯ ᠰᠤᠳᠠᠯ ᠪᠣᠯᠤᠨ ᠲᠤᠩ ᠪᠠᠯᠠᠷᠬᠠᠢ 2—3 ᠬᠣᠣᠰ ᠬᠡᠢ ᠶ᠋ᠢᠨ ᠠᠮᠠᠰᠠᠷ ᠤ᠋ᠨ ᠴᠤᠪᠤᠭ᠎ᠠ ᠲᠠᠢ᠂ ᠣᠬᠣᠷ ᠮᠥᠴᠢᠷ ᠦ᠋ᠨ ᠣᠷᠣᠢ ᠳ᠋ᠤ᠌ ᠪᠠᠭᠯᠠᠷᠠᠨ ᠤᠷᠭᠤᠬᠤ ᠪᠥᠭᠡᠳ ᠤᠷᠲᠤ ᠮᠥᠴᠢᠷ ᠳᠡᠭᠡᠷ᠎ᠡ ᠪᠡᠨ ᠪᠣᠯ ᠱᠣᠷᠬᠠᠯᠠᠨ ᠲᠠᠷᠠᠮᠠᠭ ᠤᠷᠭᠤᠨ᠎ᠠ᠃ ᠴᠡᠴᠡᠭ ᠨᠢ ᠭᠠᠭᠴᠠ ᠪᠡᠯᠭᠡ ᠲᠡᠢ᠂ ᠨᠢᠭᠡ ᠭᠡᠷ ᠲᠡᠢ᠃ ᠡᠷ᠎ᠡ ᠡᠮ᠎ᠡ ᠪᠠᠭ ᠴᠡᠴᠡᠭ ᠨᠢ ᠪᠦᠷ ᠮᠥᠴᠢᠷ ᠦ᠋ᠨ ᠣᠷᠣᠢ ᠳ᠋ᠤ᠌ ᠭᠠᠭᠴᠠᠭᠠᠷ ᠤᠷᠭᠤᠨ᠎ᠠ᠃ ᠡᠷ᠎ᠡ ᠪᠠᠭ ᠴᠡᠴᠡᠭ ᠨᠢ ᠪᠥᠭᠡᠷᠡᠩᠬᠡᠢ᠂ ᠰᠢᠷ᠎ᠠ᠃ ᠡᠮ᠎ᠡ ᠪᠠᠭ ᠴᠡᠴᠡᠭ ᠨᠢ ᠪᠠᠰᠠ ᠪᠥᠭᠡᠷᠡᠩᠬᠡᠢ ᠬᠡᠯᠪᠡᠷᠢ ᠲᠡᠢ᠂ ᠶᠡᠷᠦ ᠳ᠋ᠡᠭᠡᠨ ᠨᠣᠭᠣᠪᠲᠤᠷ ᠬᠦᠷᠡᠩ᠃ ᠪᠣᠷᠭᠣᠴᠣᠭ ᠨᠢ ᠥᠨᠳᠡᠭᠡᠯᠵᠢᠨ ᠪᠤᠶᠤ ᠵᠤᠤᠪᠠᠩ᠂ ᠡᠬᠢᠨ ᠳ᠋ᠡᠭᠡᠨ ᠣᠯᠠᠪᠲᠤᠷ ᠪᠣᠷᠣ ᠪᠠᠢᠵᠤ ᠰᠡᠭᠦᠯᠡᠷ ᠰᠢᠷᠠᠪᠲᠤᠷ ᠬᠦᠷᠡᠩ ᠪᠤᠶᠤ ᠪᠣᠷᠣᠪᠲᠤᠷ ᠬᠦᠷᠡᠩ ᠪᠣᠯᠬᠤ 14—30 ᠦᠷ᠎ᠡ ᠶ᠋ᠢᠨ ᠬᠠᠢᠷᠰᠤ ᠪᠣᠯᠤᠨ ᠪᠣᠷᠣᠪᠲᠤᠷ ᠬᠦᠷᠡᠩ ᠪᠠᠭᠯᠠᠭᠴᠢ ᠲᠠᠢ᠃ ᠦᠷ᠎ᠡ ᠨᠢ ᠲᠤᠢᠯ ᠤ᠋ᠨ ᠵᠢᠵᠢᠭ᠂ ᠪᠠᠷᠤᠭ ᠥᠨᠳᠡᠭᠡᠯᠵᠢᠨ᠃ ᠦᠷ᠎ᠡ ᠨᠢ ᠤᠨᠠᠬᠤ ᠳ᠋ᠤ᠌ ᠬᠠᠢᠷᠰᠤ ᠨᠢ ᠮᠣᠳᠣᠨ ᠳ᠋ᠠᠭᠠᠨ ᠦᠯᠳᠡᠳᠡᠭ᠃
ᠭᠡᠷᠡᠯᠰᠡᠭ ᠮᠣᠳᠣ᠃ ᠠᠭᠤᠯᠠ ᠶ᠋ᠢᠨ ᠬᠠᠵᠠᠭᠤ᠂ ᠭᠣᠣᠯ ᠤ᠋ᠨ ᠬᠣᠲᠣᠭᠣᠷ ᠤ᠋ᠨ ᠬᠣᠶᠠᠷ ᠬᠠᠪᠢ ᠶ᠋ᠢᠨ ᠲᠡᠭᠰᠢᠬᠡᠨ ᠥᠩ ᠰᠢᠮ᠎ᠡ ᠰᠠᠢᠲᠠᠢ ᠭᠠᠵᠠᠷ ᠢ᠋ᠶ᠋ᠠᠷ ᠪᠦᠷ ᠴᠣᠯ ᠣᠢ ᠪᠣᠯᠵᠤ ᠤᠷᠭᠤᠳᠠᠭ᠃
ᠮᠠᠨ ᠤ᠋ ᠤᠯᠤᠰ ᠤ᠋ᠨ ᠥᠪᠥᠷ ᠮᠣᠩᠭᠣᠯ ᠬᠢᠭᠡᠳ ᠬᠠᠷᠠᠮᠦ᠋ᠷᠡᠨ ᠵᠡᠷᠭᠡ ᠮᠣᠵᠢ ᠣᠷᠣᠨ ᠳ᠋ᠤ᠌ ᠤᠷᠭᠤᠳᠠᠭ᠃
ᠡᠰᠢᠨ ᠡᠴᠡ ᠨᠢ ᠳᠠᠪᠠᠷᠬᠠᠢ᠂ ᠦᠷ᠎ᠡ ᠡᠴᠡ ᠨᠢ ᠲᠣᠰᠣ ᠰᠢᠬᠠᠵᠤ ᠠᠪᠴᠤ ᠪᠣᠯᠤᠨ᠎ᠠ᠃ ᠶᠡᠬᠡ᠂ ᠪᠠᠭ᠎ᠠ ᠬᠢᠩᠭᠠᠨ ᠳᠠᠪᠠᠭᠠᠨ ᠳ᠋ᠤ᠌ ᠭᠠᠷᠳᠠᠭ ᠴᠢᠬᠤᠯᠠ ᠬᠡᠷᠡᠭᠴᠡᠭᠡᠲᠦ ᠮᠣᠳᠣᠨ ᠤ᠋ ᠨᠢᠭᠡ ᠵᠦᠢᠯ ᠶᠦᠮ᠃
ᠬᠢᠲᠠᠳ ᠨᠡᠷ᠎ᠡ᠄落叶松
ᠠᠩᠭ᠌ᠯᠢ ᠨᠡᠷ᠎ᠡ᠄Larix dahurica Laws
ᠦᠰᠦᠭ ᠠᠮᠢᠯᠠᠭᠤᠯᠤᠭᠴᠢ᠄ ᠳ ᠡᠷᠬᠢᠮᠪᠠᠭᠠᠲᠤᠷ
ᠬᠢᠨᠠᠭᠴᠢ᠄ ᠴᠠᠭᠠᠨ
