ᠰᠢᠪᠧᠷᠢᠶ᠎ᠡ ᠵᠣᠳᠣᠣШибериа жодоо ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠢᠪᠧᠷᠢᠶ᠎ᠡ ᠵᠣᠳᠣᠣШибериа жодоо

ᠰᠢᠪᠧᠷᠢᠶ᠎ᠡ ᠵᠣᠳᠣᠣШибериа жодоо

2024-03-12

319

ᠰᠢᠪᠧᠷᠢᠶ᠎ᠡ ᠵᠣᠳᠣᠣ

        ᠨᠠᠷᠠᠰᠤ ᠶ᠋ᠢᠨ ᠢᠵᠠᠭᠤᠷ 
   ᠮᠥᠩᠬᠡ ᠨᠣᠭᠣᠭᠠᠨ ᠲᠤᠷᠤᠭ ᠮᠣᠳᠣ᠃ ᠬᠣᠯᠲᠣᠰᠣ ᠨᠢ ᠴᠠᠢᠪᠤᠷ ᠬᠦᠷᠡᠩ ᠪᠥᠭᠡᠳ ᠭᠢᠯᠦᠭᠡᠷ᠃ ᠲᠤᠰ ᠵᠢᠯ ᠦ᠋ᠨ ᠮᠥᠴᠢᠷ ᠨᠢ ᠰᠢᠷᠠᠪᠲᠤᠷ ᠦᠨᠡᠰᠦᠨ ᠥᠩᠭᠡᠲᠡᠢ᠂ ᠨᠢᠭ ᠤᠷᠭᠤᠭᠰᠠᠨ ᠨᠠᠷᠢᠨ ᠦᠰᠦ ᠲᠡᠢ ᠪᠥᠭᠡᠳ ᠭᠢᠯᠠᠭᠠᠷ᠃ ᠰᠢᠯᠮᠦᠦᠰᠦ ᠨᠢ ᠢᠬᠴᠤᠷᠠᠨ ᠤᠷᠭᠤᠨ᠎ᠠ᠂ ᠪᠦᠰᠡ ᠬᠡᠯᠪᠡᠷᠢ ᠲᠡᠢ ᠪᠥᠭᠡᠳ ᠭᠣᠣᠯ ᠰᠤᠳᠠᠯ ᠨᠢ ᠲᠠᠯ᠎ᠠ ᠳ᠋ᠠᠭᠠᠨ ᠬᠣᠲᠣᠢᠭᠰᠠᠨ ᠪᠠᠢᠳᠠᠭ᠂ ᠨᠠᠪᠴᠢᠨ ᠤ᠋ ᠠᠷᠤ ᠳ᠋ᠤᠨᠢ ᠬᠣᠶᠠᠷ ᠵᠤᠷᠪᠤᠰ ᠬᠡᠢ ᠶ᠋ᠢᠨ ᠠᠮᠠᠰᠠᠷ ᠤ᠋ᠨ ᠴᠠᠭᠠᠪᠲᠤᠷ ᠴᠤᠪᠤᠭ᠎ᠠ ᠪᠣᠢ᠃ ᠲᠡᠵᠢᠭᠡᠯ ᠦ᠋ᠨ ᠮᠥᠴᠢᠷ ᠳᠠᠬᠢ ᠨᠠᠪᠴᠢ ᠨᠢ ᠦᠵᠦᠭᠦᠷ ᠲᠡᠭᠡᠨ ᠵᠢᠭᠠᠬᠠᠨ ᠬᠣᠲᠣᠭᠣᠷ᠂ ᠳᠡᠭᠡᠳᠦ ᠲᠠᠯ᠎ᠠ ᠳ᠋ᠠᠭᠠᠨ ᠬᠡᠢ ᠶ᠋ᠢᠨ ᠠᠮᠠᠰᠠᠷ ᠤ᠋ᠨ ᠴᠤᠪᠤᠭ᠎ᠠ ᠦᠭᠡᠢ᠃ ᠵᠢᠮᠢᠰ ᠦ᠋ᠨ ᠮᠥᠴᠢᠷ ᠪᠤᠶᠤ ᠭᠣᠣᠯ ᠮᠥᠴᠢᠷ ᠳᠠᠬᠢ ᠨᠠᠪᠴᠢ ᠨᠢ ᠱᠣᠪᠣᠭᠣᠷ ᠪᠤᠶᠤ ᠮᠣᠬᠣᠭᠣ ᠦᠵᠦᠭᠦᠷ ᠲᠡᠢ ᠪᠥᠭᠡᠳ ᠳᠡᠭᠡᠳᠦ ᠲᠠᠯ᠎ᠠ ᠳ᠋ᠠᠭᠠᠨ2—6 ᠬᠡᠢ ᠶ᠋ᠢᠨ ᠠᠮᠠᠰᠠᠷ ᠤ᠋ᠨ ᠴᠤᠪᠤᠭ᠎ᠠ ᠲᠠᠢ᠃ ᠡᠷ᠎ᠡ ᠪᠠᠭ ᠴᠡᠴᠡᠭ ᠨᠢ ᠨᠠᠪᠴᠢᠨ ᠤ᠋ ᠥᠪᠥᠷ ᠲᠠᠯ᠎ᠠ ᠭᠠᠭᠴᠠᠭᠠᠷ ᠤᠨᠵᠢᠢᠵᠤ ᠤᠷᠭᠤᠨ᠎ᠠ᠃ ᠪᠣᠷᠭᠣᠴᠣᠭ ᠨᠢ ᠰᠢᠯᠤᠭᠤᠨ ᠰᠠᠭᠤᠨ᠎ᠠ᠂ ᠪᠥᠭᠡᠷᠡᠩᠬᠡᠢ ᠪᠠᠭᠠᠨ᠎ᠠ ᠬᠡᠯᠪᠡᠷᠢ ᠲᠡᠢ᠂ 5—9.5cm ᠤᠷᠲᠤ᠂ ᠪᠣᠯᠪᠠᠰᠤᠷᠠᠪᠠᠯ ᠨᠣᠭᠣᠪᠲᠤᠷ ᠰᠢᠷ᠎ᠠ ᠪᠣᠯᠤᠨ᠎ᠠ᠃ ᠦᠷ᠎ᠡ ᠶ᠋ᠢᠨ ᠬᠠᠢᠷᠰᠤ ᠨᠢ ᠲᠣᠩᠭᠣᠷᠤᠤ ᠥᠨᠳᠡᠭᠡ ᠰᠢᠭ ᠰᠢᠭᠠᠭᠳᠠᠭ ᠬᠡᠯᠪᠡᠷᠢ ᠲᠡᠢ᠂ ᠶᠡᠷᠦ ᠳ᠋ᠡᠭᠡᠨ ᠳᠤᠮᠳᠠ ᠪᠠᠨ ᠨᠠᠷᠢᠰᠤᠭᠰᠠᠨ ᠪᠥᠭᠡᠳ ᠬᠣᠶᠠᠷ ᠬᠠᠵᠠᠭᠤ ᠳ᠋ᠠᠭᠠᠨ ᠴᠢᠬᠢ ᠮᠡᠲᠦ ᠳᠡᠯᠳᠡᠭᠡᠷ᠃ ᠪᠠᠭᠯᠠᠭᠴᠢ ᠬᠠᠢᠷᠰᠤᠯᠢᠭ ᠢᠯᠡᠳᠡᠰᠦ ᠨᠢ ᠲᠣᠩᠭᠣᠷᠠᠭᠤ ᠭᠤᠷᠪᠠᠯᠵᠢᠨ᠂ ᠳᠣᠪᠣᠢᠭᠰᠠᠨ ᠦᠵᠦᠭᠦᠷ ᠲᠡᠢ ᠦᠷ᠎ᠡ ᠶ᠋ᠢᠨ ᠬᠠᠢᠷᠰᠤ ᠶ᠋ᠢᠨ ᠢ᠋ᠶ᠋ᠡᠨ 1/3—1/2 ᠬᠢᠷᠢ ᠤᠷᠲᠤ᠃ ᠦᠷ᠎ᠡ ᠶ᠋ᠢᠨ ᠬᠢᠨᠢ ᠳᠡᠭᠡᠳᠦ ᠦᠵᠦᠭᠦᠷ ᠲᠦ᠍ ᠦᠷ᠎ᠡ ᠶ᠋ᠢᠨ ᠤᠷᠲᠤ ᠠ᠋ᠴᠠ 1.5—2 ᠳᠠᠬᠢᠨ ᠤᠷᠲᠤ ᠨᠢᠮᠭᠡᠨ ᠬᠠᠯᠢᠰᠤᠯᠢᠭ ᠳᠠᠯᠠᠪᠴᠢ ᠪᠣᠢ᠃
ᠳᠠᠯᠠᠢ ᠶ᠋ᠢᠨ ᠲᠦᠪᠰᠢᠨ ᠡᠴᠡ 1900—2400m ᠥᠨᠳᠥᠷ ᠠᠭᠤᠯᠠ ᠪᠠᠷ ᠤᠷᠭᠤᠨ᠎ᠠ᠃
ᠮᠠᠨ ᠤ᠋ ᠤᠯᠤᠰ ᠤ᠋ᠨ ᠰᠢᠨᠵᠢᠶᠠᠩ ᠤ᠋ᠨ ᠵᠡᠭᠦᠨ ᠬᠣᠢᠲᠤ ᠬᠡᠰᠡᠭ ᠢ᠋ᠶ᠋ᠡᠷ ᠤᠷᠭᠤᠳᠠᠭ᠃
ᠮᠣᠳᠣ ᠶ᠋ᠢ ᠨᠢ ᠪᠠᠷᠢᠯᠭ᠎ᠠ ᠳ᠋ᠤ᠌ ᠠᠰᠢᠭᠯᠠᠨ᠎ᠠ᠃ ᠦᠷ᠎ᠡ ᠳ᠋ᠦ᠍ᠨᠢ20% ᠤ᠋ ᠲᠣᠰᠣ ᠪᠣᠢ᠂ ᠲᠣᠰᠣ ᠶ᠋ᠢ ᠨᠢ ᠰᠢᠬᠠᠵᠤ ᠠᠪᠤᠨ ᠠᠵᠤ ᠦᠢᠯᠡᠳᠪᠦᠷᠢ ᠳ᠋ᠦ᠍ ᠠᠰᠢᠭᠯᠠᠨ᠎ᠠ᠃
ᠬᠢᠲᠠᠳ ᠨᠡᠷ᠎ᠡ᠄西伯利亚冷杉
ᠠᠩᠭ᠌ᠯᠢ ᠨᠡᠷ᠎ᠡ᠄Abies sibirica Ledeb
   ᠦᠰᠦᠭ ᠠᠮᠢᠯᠠᠭᠤᠯᠤᠭᠴᠢ᠄ ᠳ ᠡᠷᠬᠢᠮᠪᠠᠭᠠᠲᠤᠷ
   ᠬᠢᠨᠠᠭᠴᠢ᠄ ᠴᠠᠭᠠᠨ