ᠨᠢᠯᠪᠤᠰᠤ ᠪᠠᠨ ᠲᠡᠪᠴᠢᠶ᠎ᠡ-ᠬᠤᠷᠳᠤ ᠬᠠᠮᠲᠤᠯᠢᠭНулимсаа тэвчье-Хурд хамтлаг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠢᠯᠪᠤᠰᠤ ᠪᠠᠨ ᠲᠡᠪᠴᠢᠶ᠎ᠡ-ᠬᠤᠷᠳᠤ ᠬᠠᠮᠲᠤᠯᠢᠭНулимсаа тэвчье-Хурд хамтлаг

ᠨᠢᠯᠪᠤᠰᠤ ᠪᠠᠨ ᠲᠡᠪᠴᠢᠶ᠎ᠡ-ᠬᠤᠷᠳᠤ ᠬᠠᠮᠲᠤᠯᠢᠭНулимсаа тэвчье-Хурд хамтлаг

ᠠᠩᠭᠢᠯᠠᠯ:ᠳᠠᠭᠤᠤ ᠬᠥᠭᠵᠢᠮ
2024-03-13

548

ᠨᠢᠯᠪᠤᠰᠤ ᠪᠠᠨ ᠲᠡᠪᠴᠢᠶ᠎ᠡ

        ᠬᠤᠷᠳᠤ ᠬᠠᠮᠲᠤᠯᠢᠭ ᠳᠠᠭᠤᠯᠠᠨ᠎ᠠ 

ᠴᠢᠮᠠᠶ᠋ᠢ ᠪᠣᠳᠣᠭᠰᠠᠭᠠᠷ ᠨᠢᠯᠪᠤᠰᠤ ᠪᠠᠨ ᠠᠷᠴᠢᠨ ᠰᠠᠭᠤᠬᠤ ᠳ᠋ᠤ᠌ ᠪᠠᠨ 
ᠭᠡᠨᠡᠳᠲᠡ ᠴᠢᠮᠠᠶ᠋ᠢ ᠣᠷᠣᠭᠠᠳ ᠢᠷᠡᠨ᠎ᠡ ᠭᠡᠵᠦ ᠰᠠᠨᠠᠭᠰᠠᠨ ᠦᠭᠡᠢ 
ᠭᠤᠷᠪᠠᠨ ᠵᠢᠯ ᠢᠲᠡᠭᠡᠯ ᠠᠯᠳᠠᠯ ᠦᠭᠡᠢ ᠴᠢᠮᠠᠶ᠋ᠢ ᠬᠦᠯᠢᠶᠡᠭᠰᠡᠨ ᠰᠠᠨ 
ᠮᠢᠨᠦ ᠬᠤᠷᠢᠮ ᠳᠡᠭᠡᠷ᠎ᠡ ᠢᠷᠡᠨ᠎ᠡ ᠭᠡᠵᠦ ᠰᠠᠨᠠᠭᠰᠠᠨ ᠦᠭᠡᠢ 

ᠬᠤᠯᠤ ᠲᠠᠢ ᠠᠢᠷᠠᠭ ᠴᠠᠯᠭᠢᠬᠤ ᠠᠶᠠᠨ ᠤ᠋ ᠳᠤᠭᠤᠷ᠎ᠠ ᠳ᠋ᠤ᠌ 
ᠬᠠᠷᠠᠴᠠ ᠪᠠᠷ ᠢ᠋ᠶ᠋ᠠᠨ ᠴᠢ ᠭᠣᠮᠣᠳᠠᠯ ᠨᠡᠬᠡᠨ ᠤᠬᠢᠯᠠᠭᠠᠳ 
ᠨᠢᠯᠪᠤᠰᠤ ᠶ᠋ᠢ ᠴᠢᠨᠢ ᠠᠩᠬ᠎ᠠ ᠦᠵᠡᠭᠡᠳ ᠰᠡᠳᠬᠢᠯ ᠮᠢᠨᠢ ᠪᠤᠬᠢᠨᠢᠳᠤᠭᠠᠳ 
ᠡᠨᠡ ᠯᠡ ᠡᠳᠦᠷ ᠤᠴᠠᠷᠠᠨ᠎ᠠ ᠭᠡᠵᠦ ᠰᠠᠨᠠᠭᠰᠠᠨ ᠦᠭᠡᠢ 

ᠬᠦᠯᠢᠶᠡᠨ ᠬᠦᠨᠳᠦᠳᠬᠡᠨ ᠪᠠᠢᠵᠤ ᠬᠥᠮᠦᠨ ᠦ᠌ ᠢᠲᠡᠭᠡᠯ ᠢ᠋ ᠣᠯᠤᠭᠠᠷᠠᠢ ᠭᠡᠳ 
ᠬᠦᠳᠡᠷ ᠬᠣᠭᠣᠯᠠᠢ ᠪᠠᠷ ᠵᠢᠷᠦᠬᠡᠨ ᠳ᠋ᠦ᠍ ᠮᠢᠨᠢ ᠳᠠᠭᠤᠯᠠᠨ᠎ᠠ
ᠨᠢᠭᠡᠨᠲᠡ ᠥᠩᠭᠡᠷᠡᠭᠰᠡᠨ ᠠᠮᠢᠳᠤᠷᠠᠯ ᠳᠠᠬᠢᠭᠠᠳ ᠡᠷᠭᠢᠵᠦ ᠣᠯᠳᠠᠬᠤ ᠦᠭᠡᠢ ᠴᠦ᠍
ᠴᠡᠭᠡᠵᠢᠨ ᠳ᠋ᠦ᠍ ᠪᠡᠨ ᠵᠠᠩᠭᠢᠷᠠᠬᠤ ᠨᠢᠯᠪᠤᠰᠤ ᠪᠠᠨ ᠲᠡᠪᠴᠢᠶ᠎ᠡ

ᠭᠦᠶᠦᠬᠡᠨ ᠤᠰᠤ ᠤᠷᠤᠰᠤᠭᠠᠳ ᠳᠠᠯᠠᠢ ᠪᠣᠯᠬᠤ ᠦᠭᠡᠢ ᠶ᠋ᠢᠨ ᠠᠳᠠᠯᠢ
ᠤᠬᠢᠯᠠᠭᠠᠳ ᠴᠢᠨᠦ ᠨᠢᠯᠪᠤᠰᠤ ᠨᠠᠭᠤᠷ ᠪᠣᠯᠬᠤ ᠦᠭᠡᠢ
ᠨᠢᠭᠡᠨᠲᠡ ᠥᠩᠭᠡᠷᠡᠭᠰᠡᠨ ᠠᠮᠢᠳᠤᠷᠠᠯ ᠳᠠᠬᠢᠭᠠᠳ ᠡᠷᠭᠢᠵᠦ ᠣᠯᠳᠠᠬᠤ ᠦᠭᠡᠢ ᠴᠦ᠍
ᠴᠡᠭᠡᠵᠢᠨ ᠳ᠋ᠦ᠍ ᠪᠡᠨ ᠵᠠᠩᠭᠢᠷᠠᠬᠤ ᠨᠢᠯᠪᠤᠰᠤ ᠪᠠᠨ ᠲᠡᠪᠴᠢᠶ᠎ᠡ

   ᠦᠰᠦᠭ ᠠᠮᠢᠯᠠᠭᠤᠯᠤᠭᠴᠢ᠄ ᠭᠡᠭᠡᠷᠡᠯ
   ᠦᠰᠦᠭ ᠬᠠᠲᠠᠭᠴᠢ᠄ ᠭᠡᠭᠡᠷᠡᠯ
   ᠬᠢᠨᠠᠭᠴᠢ᠄ ᠤᠳᠬᠠᠨᠰᠤ᠎ᠠ