ᠠᠭᠢ ᠨᠢ ᠦᠭᠡᠢ ᠭᠠᠵᠠᠷ-ᠣᠷᠳᠣᠰ ᠠᠷᠠᠳ ᠦᠨ ᠳᠠᠭᠤᠤ -ᠦᠦᠰᠢᠨ ᠤᠯᠠᠭᠠᠨ ᠮᠥᠴᠢᠷАгь нь үгүй газар -Ордос ардын дуу-Үүшин улаан мөчир
ᠠᠭᠢ ᠨᠢ ᠦᠭᠡᠢ ᠭᠠᠵᠠᠷ
ᠣᠷᠳᠣᠰ ᠠᠷᠠᠳ ᠤ᠋ᠨ ᠳᠠᠭᠤᠤ
ᠦᠦᠰᠢᠨ ᠤᠯᠠᠭᠠᠨᠮᠥ᠋ᠴᠢᠷ ᠡᠴᠡ ᠳᠠᠭᠤᠯᠠᠨ᠎ᠠ
ᠠᠭᠢ ᠨᠢ ᠦᠭᠡᠢ ᠭᠠᠵᠠᠷ
ᠠᠳᠤᠭᠤ ᠶᠠᠭᠤᠨ ᠳ᠋ᠠᠭᠠᠨ ᠡᠷᠭᠢᠨ᠎ᠡ ᠳᠧ
ᠠᠪᠤ ᠨᠢ ᠦᠭᠡᠢ ᠯᠡ ᠭᠠᠵᠠᠷ ᠲᠤ᠌
ᠪᠢᠳᠡ ᠶᠠᠭᠤᠨ ᠳ᠋ᠠᠭᠠᠨ ᠡᠷᠭᠢᠨ᠎ᠡ ᠳᠧ᠃
ᠡᠷᠭᠢᠨ ᠨᠢ ᠦᠭᠡᠢ ᠭᠠᠵᠠᠷ ᠲᠤ᠌
ᠡᠯᠢᠶ᠎ᠡ ᠶᠠᠭᠤᠨ ᠳ᠋ᠠᠭᠠᠨ ᠡᠷᠭᠢᠨ᠎ᠡ ᠳᠧ
ᠡᠵᠢ ᠨᠢ ᠦᠭᠡᠢ ᠯᠡ ᠭᠠᠵᠠᠷ ᠲᠤ᠌
ᠪᠢᠳᠡ ᠶᠠᠭᠤᠨ ᠳ᠋ᠠᠭᠠᠨ ᠡᠷᠭᠢᠨ᠎ᠡ ᠳᠧ᠃
ᠬᠠᠳᠠᠨ ᠨᠢ ᠦᠭᠡᠢ ᠭᠠᠵᠠᠷ ᠲᠤ᠌
ᠬᠠᠷᠢᠶᠠᠴᠠᠢ ᠶᠠᠭᠤᠨ ᠳ᠋ᠠᠭᠠᠨ ᠡᠷᠭᠢᠨ᠎ᠡ ᠳᠧ
ᠬᠠᠢᠷ᠎ᠠ ᠨᠢ ᠦᠭᠡᠢ ᠯᠡ ᠭᠠᠵᠠᠷ ᠲᠤ᠌
ᠪᠢᠳᠡ ᠶᠠᠭᠤᠨ ᠳ᠋ᠠᠭᠠᠨ ᠡᠷᠭᠢᠨ᠎ᠡ ᠳᠧ᠃
ᠦᠰᠦᠭ ᠠᠮᠢᠯᠠᠭᠤᠯᠤᠭᠴᠢ᠄ ᠤᠤᠭᠠᠨᠵᠢᠳ
