ᠡᠬᠡ ᠬᠡᠯᠡ-ᠪᠠ᠊᠂ ᠡᠷᠬᠢᠮᠵᠢᠷᠭᠠᠯЭх хэл-Ба ,Эрхэмжаргал ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠬᠡ ᠬᠡᠯᠡ-ᠪᠠ᠊᠂ ᠡᠷᠬᠢᠮᠵᠢᠷᠭᠠᠯЭх хэл-Ба ,Эрхэмжаргал

ᠡᠬᠡ ᠬᠡᠯᠡ-ᠪᠠ᠊᠂ ᠡᠷᠬᠢᠮᠵᠢᠷᠭᠠᠯЭх хэл-Ба ,Эрхэмжаргал

2024-03-12

2666

ᠡᠬᠡ ᠬᠡᠯᠡ

 ᠪᠠ᠊ ᠂ ᠡᠷᠬᠢᠮᠵᠢᠷᠭᠠᠯ 
ᠡᠪᠦᠭᠡ ᠳᠡᠭᠡᠳᠦᠰ ᠡᠴᠡ ᠶᠠᠷᠢᠵᠤ ᠢᠷᠡᠭᠰᠡᠨ ᠡᠬᠡ ᠬᠡᠯᠡ 
ᠡᠵᠡᠨ ᠲᠩᠷᠢ ᠡᠴᠡ ᠵᠠᠶᠠᠭᠠᠵᠤ ᠢᠷᠡᠭᠰᠡᠨ ᠡᠬᠡ ᠬᠡᠯᠡ 
ᠰᠣᠳᠣ ᠮᠣᠩᠭᠣᠯ ᠳ᠋ᠤ᠌ ᠪᠠᠨ ᠠᠮᠢᠯᠠᠵᠤ ᠢᠷᠡᠭᠰᠡᠨ ᠡᠬᠡ ᠬᠡᠯᠡ 
ᠰᠦ ᠴᠠᠭ᠎ᠠ ᠎ᠪᠠᠷ ᠢᠪᠢᠯᠵᠦ ᠢᠷᠡᠭᠰᠡᠨ ᠡᠬᠡ ᠬᠡᠯᠡ 

ᠡᠬᠡ ᠬᠡᠯᠡ ᠪᠡᠨ ᠵᠢᠭᠠᠵᠤ ᠪᠠᠭᠰᠢ ᠬᠥᠮᠦᠨ ᠵᠢᠷᠭᠠᠳᠠᠭ ᠭᠡᠨ᠎ᠡ 
ᠡᠬᠡ ᠬᠡᠯᠡ ᠪᠡᠨ ᠰᠤᠳᠤᠯᠵᠤ ᠪᠤᠭᠤᠷᠤᠯ ᠡᠷᠳᠡᠮᠲᠡᠨ ᠵᠠᠯᠠᠭᠤᠵᠢᠳᠠᠭ ᠭᠡᠨ᠎ᠡ 
ᠡᠬᠡ ᠬᠡᠯᠡ ᠪᠡᠨ ᠰᠤᠷᠴᠤ ᠠᠢᠯ ᠤ᠋ᠨ ᠬᠡᠦᠬᠡᠳ ᠲᠣᠮᠣᠭᠠᠵᠢᠳᠠᠭ ᠭᠡᠨ᠎ᠡ 
ᠡᠬᠡ ᠬᠡᠯᠡ ᠪᠡᠨ ᠬᠠᠢᠷᠠᠯᠠᠵᠤ ᠢᠷᠠᠭᠤ ᠨᠠᠢᠷᠠᠭᠴᠢᠳ ᠠᠮᠢᠳᠤᠷᠠᠳᠠᠭ ᠭᠡᠨ᠎ᠡ 

ᠡᠬᠡ ᠬᠡᠯᠡ ᠶ᠋ᠢ ᠮᠢᠨᠢ ᠰᠤᠷᠤᠨ᠎ᠠ ᠭᠡᠵᠦ
ᠠᠯᠲᠠᠨ ᠬᠠᠷᠢᠶᠠᠴᠠᠢ ᠠᠢᠯ ᠤ᠋ᠳ ᠢ᠋ᠶ᠋ᠠᠷ ᠢᠷᠡᠳᠡᠭ
ᠡᠬᠡ ᠬᠡᠯᠡ ᠶ᠋ᠢ ᠮᠢᠨᠢ ᠰᠤᠷᠤᠨ᠎ᠠ ᠭᠡᠵᠦ
ᠠᠯᠠᠭ ᠴᠡᠴᠡᠭᠡᠰ ᠬᠡᠦᠬᠡᠳ ᠰᠢᠭ ᠮᠦᠰᠢᠶᠡᠳᠡᠭ
ᠡᠬᠡ ᠬᠡᠯᠡ ᠶ᠋ᠢ ᠮᠢᠨᠢ ᠰᠤᠳᠤᠯᠤᠨ᠎ᠠ ᠭᠡᠵᠦ
ᠬᠣᠯᠠ ᠶ᠋ᠢᠨ ᠣᠳᠣᠳ ᠭᠠᠳᠠᠭᠠᠳᠤ ᠶ᠋ᠢᠨ
ᠬᠥᠮᠦᠨ ᠰᠢᠭ ᠰᠢᠨᠵᠢᠯᠡᠳᠡᠭ
ᠡᠬᠡ ᠬᠡᠯᠡ ᠶ᠋ᠢ ᠮᠢᠨᠢ ᠰᠢᠯᠦᠭᠯᠡᠨ᠎ᠡ ᠭᠡᠵᠦ
ᠬᠥᠳᠡᠭᠡ ᠶ᠋ᠢᠨ ᠭᠣᠷᠣᠬ᠎ᠠ ᠨᠠᠢᠷᠠᠭᠴᠢ
ᠬᠥᠮᠦᠨ ᠰᠢᠭ ᠤᠶᠠᠩᠭᠠᠯᠠᠳᠠᠭ

ᠮᠣᠷᠢᠨ ᠬᠤᠭᠤᠷ ᠤ᠋ᠨ ᠬᠣᠶᠠᠷ ᠤᠲᠠᠰᠤᠨ ᠠ᠋ᠴᠠ ᠠᠶ᠎ᠠ ᠭᠠᠷᠴᠤ
ᠮᠣᠩᠭᠣᠯ ᠬᠥᠮᠦᠨ ᠦ᠌ ᠵᠢᠷᠦᠬᠡ ᠰᠡᠳᠬᠢᠯ ᠢ᠋ ᠤᠶᠠᠷᠠᠭᠤᠯᠳᠠᠭ ᠪᠢᠯᠡ
ᠮᠣᠩᠭᠣᠯ ᠬᠡᠯᠡᠨ ᠦ᠌ ᠪᠣᠰᠤᠭ᠎ᠠ ᠦᠰᠦᠭ ᠡᠴᠡ ᠤᠬᠠᠭ᠎ᠠ ᠣᠷᠣᠵᠤ 
ᠮᠣᠩᠭᠣᠯ ᠬᠥᠮᠦᠨ ᠦ᠌ ᠠᠮᠢᠳᠤᠷᠠᠯ ᠦᠢᠯᠡᠰ ᠢ᠋ ᠡᠷᠭᠦᠳᠡᠭ ᠪᠢᠯᠡ

ᠡᠬᠡ ᠬᠡᠯᠡ ᠮᠢᠨᠢ ᠡᠷᠳᠡᠨᠢ ᠴᠠᠬᠢᠭᠤᠷ
ᠡᠬᠡ ᠬᠡᠯᠡ ᠮᠢᠨᠢ ᠠᠮᠢᠨ ᠭᠣᠣᠯ
ᠡᠬᠡ ᠬᠡᠯᠡ ᠮᠢᠨᠢ ᠣᠳᠣᠨ ᠲᠩᠷᠢ
ᠡᠬᠡ ᠬᠡᠯᠡ ᠮᠢᠨᠢ ᠡᠬᠡ ᠳᠡᠯᠡᠬᠡᠢ

ᠪᠢᠳᠡ ᠡᠬᠡ ᠬᠡᠯᠡ ᠪᠡᠷ ᠢ᠋ᠶ᠋ᠡᠨ ᠶᠠᠷᠢᠵᠤ
ᠡᠬᠡ ᠬᠡᠯᠡ ᠪᠡᠷ ᠢ᠋ᠶ᠋ᠡᠨ ᠠᠮᠢᠳᠤᠷᠠᠵᠤ
ᠮᠣᠩᠭᠣᠯ ᠤ᠋ᠨ ᠰᠠᠢᠬᠠᠨ ᠢ᠋ᠶ᠋ᠠᠨ ᠡᠳ᠋ᠯᠡᠳᠡᠭ ᠶᠦᠮ
ᠪᠢᠳᠡ ᠡᠬᠡ ᠬᠡᠯᠡ ᠪᠡᠷ ᠢ᠋ᠶ᠋ᠡᠨ ᠰᠣᠶᠣᠯᠵᠢᠵᠤ
ᠡᠬᠡ ᠬᠡᠯᠡ ᠪᠡᠷ ᠢ᠋ᠶ᠋ᠡᠨ ᠪᠦᠲᠦᠭᠡᠵᠦ
ᠳᠠᠷᠬᠠᠨ ᠦᠢᠯᠡᠰ ᠢ᠋ᠶ᠋ᠡᠨ ᠪᠤᠰᠬᠠᠳᠠᠭ ᠶᠤᠮ
ᠪᠢᠳᠡ ᠡᠬᠡ ᠬᠡᠯᠡ ᠪᠡᠷ ᠢ᠋ᠶ᠋ᠡᠨ ᠳᠠᠭᠤᠯᠠᠵᠤ
ᠡᠬᠡ ᠬᠡᠯᠡ ᠪᠡᠷ ᠢ᠋ᠶ᠋ᠡᠨ ᠤᠶᠠᠩᠭᠠᠯᠠᠵᠤ 
ᠲᠩᠷᠢ ᠶ᠋ᠢᠨ ᠳᠣᠣᠷ᠎ᠠ ᠵᠢᠷᠭᠠᠳᠠᠭ ᠶᠤᠮ᠃
   
   ᠦᠰᠦᠭ ᠠᠮᠢᠯᠠᠭᠤᠯᠤᠭᠴᠢ᠄ ᠨᠡᠷᠡᠨ᠎ᠡ 
   ᠬᠢᠨᠠᠭᠴᠢ᠄ ᠾᠤᠩ ᠸᠧᠢ ᠪᠠᠲᠤᠵᠢᠷᠭᠠᠯ  ᠦᠨᠢᠮᠥᠩᠬᠡ