ᠰᠠᠷᠠᠨ ᠳᠡᠭᠡᠷᠡᠬᠢ ᠲᠠᠤᠯᠠᠢСаран дээрх туулай ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠷᠠᠨ ᠳᠡᠭᠡᠷᠡᠬᠢ ᠲᠠᠤᠯᠠᠢСаран дээрх туулай

ᠰᠠᠷᠠᠨ ᠳᠡᠭᠡᠷᠡᠬᠢ ᠲᠠᠤᠯᠠᠢСаран дээрх туулай

ᠠᠩᠭᠢᠯᠠᠯ:ᠳᠣᠮᠣᠭ ᠦᠯᠢᠭᠡᠷ
2024-03-12

1141

ᠰᠠᠷᠠᠨ ᠳᠡᠭᠡᠷᠡᠬᠢ ᠲᠠᠤᠯᠠᠢ

    ᠡᠷᠲᠡ ᠤᠷᠢᠳᠤ ᠶ᠋ᠢᠨ ᠨᠢᠭᠡᠨ ᠳᠣᠮᠣᠭ ᠲᠤ᠌ ᠰᠠᠷᠠᠨ ᠠᠪᠠᠬᠠᠢ ᠶ᠋ᠢᠨ ᠣᠷᠳᠣᠨ ᠳ᠋ᠤ᠌ ᠪᠤᠷᠬᠠᠨ ᠪᠠᠭᠰᠢ ᠪᠤᠷᠬᠠᠳ ᠤ᠋ᠨ ᠢ᠋ᠶ᠋ᠠᠨ ᠬᠠᠮᠲᠤ ᠪᠠᠷ ᠠᠮᠢᠳᠤᠷᠠᠳᠠᠭ ᠪᠠᠢᠵᠠᠢ᠃ ᠪᠤᠷᠬᠠᠳ ᠥᠪᠡᠷᠰᠡᠳ ᠦ᠋ᠨ ᠪᠦᠲᠦᠭᠡᠭᠰᠡᠨ ᠬᠥᠮᠦᠨ ᠪᠣᠯᠤᠨ ᠠᠮᠢᠲᠠᠳ ᠢ᠋ᠶ᠋ᠠᠨ ᠰᠢᠯᠭᠠᠬᠤ ᠶ᠋ᠢᠨ ᠲᠤᠯᠠ ᠳᠡᠯᠡᠬᠡᠢ ᠤᠷᠤᠭᠤ ᠪᠠᠭᠤᠳᠠᠭ ᠪᠠᠢᠪᠠ᠃
ᠲᠡᠭᠡᠭᠡᠳ ᠨᠢᠭᠡᠨ ᠡᠳᠦᠷ ᠪᠤᠷᠬᠠᠨ ᠪᠠᠭᠰᠢ ᠪᠤᠰᠤᠳ ᠪᠤᠷᠬᠠᠳ ᠢ᠋ᠶ᠋ᠠᠨ ᠴᠤᠭᠯᠠᠭᠤᠯᠤᠨ ᠬᠤᠷᠠᠯᠳᠤᠵᠤ ᠪᠢᠴᠢᠬᠠᠨ ᠪᠤᠳ᠋ᠳ᠋ᠾᠠ ᠶ᠋ᠢ ᠣᠳᠣ ᠴᠢᠨᠦ ᠭᠠᠵᠠᠷ ᠲᠤ᠌ ᠪᠠᠭᠤᠬᠤ ᠡᠭᠡᠯᠵᠢ ᠪᠣᠯᠤᠯ᠎ᠠ᠂ ᠳᠡᠯᠡᠬᠡᠢ ᠶᠢᠷᠲᠢᠨᠴᠦ ᠳᠡᠭᠡᠷ᠎ᠡ ᠶᠠᠭᠤ ᠪᠣᠯᠵᠤ ᠪᠠᠢᠭ᠎ᠠ ᠶ᠋ᠢ ᠰᠢᠯᠭᠠᠭᠠᠳ ᠢᠷ᠎ᠡ ᠭᠡᠪᠡ᠃ ᠪᠢᠴᠢᠬᠠᠨ ᠪᠤᠳ᠋ᠳ᠋ᠾᠠ ᠪᠠᠭᠰᠢ ᠶ᠋ᠢᠨ ᠢ᠋ᠶ᠋ᠡᠨ ᠳᠠᠭᠠᠭᠠᠯᠭᠠᠭᠰᠠᠨ ᠢ᠋ᠶ᠋ᠠᠷ ᠭᠠᠵᠠᠷ ᠲᠤ᠌ ᠪᠠᠭᠤᠵᠤ ᠢᠷᠡᠯ᠎ᠡ᠃ ᠢᠩᠭᠢᠭᠡᠳ ᠶᠠᠳᠠᠭᠤ ᠬᠦᠦ ᠶ᠋ᠢᠨ ᠳᠦᠷᠢ ᠳ᠋ᠦ᠍ ᠬᠤᠪᠢᠷᠠᠵᠤ ᠣᠷᠴᠢᠨ ᠲᠣᠭᠣᠷᠢᠨ ᠢ᠋ᠶ᠋ᠠᠨ ᠠᠭᠠᠵᠢᠮ ᠢ᠋ᠶ᠋ᠠᠷ ᠰᠠᠢᠲᠤᠷ ᠠᠵᠢᠭᠯᠠᠨ ᠬᠠᠷᠠᠵᠤ ᠶᠠᠪᠤᠯ᠎ᠠ᠃ ᠬᠠᠷᠢᠨ ᠡᠨᠡ ᠭᠠᠵᠠᠷ ᠲᠤ᠌ ᠶᠠᠮᠠᠷ ᠴᠤ᠌ ᠠᠮᠢᠲᠠᠨ ᠬᠥᠮᠦᠨ ᠬᠠᠷᠠᠭᠳᠠᠬᠤ ᠦᠭᠡᠢ ᠮᠣᠳᠣᠳ ᠨᠢ ᠬᠠᠲᠠᠵᠤ ᠤᠰᠤ ᠨᠢ ᠰᠢᠷᠭᠢᠵᠦ ᠭᠠᠩᠳᠠᠭᠤ ᠤᠷᠭᠤᠮᠠᠯ ᠨᠣᠭᠣᠭ᠎ᠠ ᠨᠢ ᠬᠠᠲᠠᠭᠰᠠᠨ ᠮᠠᠰᠢ ᠬᠠᠯᠠᠭᠤᠨ ᠪᠠᠢᠯ᠎ᠠ᠃ ᠡᠨᠡ ᠪᠦᠬᠦᠨ ᠢ᠋ ᠬᠠᠷᠠᠵᠤ ᠶᠠᠪᠤᠭᠰᠠᠭᠠᠷ ᠶᠡᠬᠡᠳᠡ ᠶᠠᠳᠠᠷᠠᠵᠠᠢ᠃ ᠭᠡᠨᠡᠳᠲᠡ ᠨᠢᠭᠡᠨ ᠦᠨᠡᠭᠡ ᠴᠢᠯᠠᠭᠤᠨ ᠤ᠋ ᠠᠷᠤ ᠠ᠋ᠴᠠ ᠭᠠᠷᠴᠤ ᠢᠷᠡᠪᠡ᠃
|ᠦᠨᠡᠭᠡ ᠮᠢᠨᠢ ᠨᠠᠳᠠ ᠳ᠋ᠤ᠌ ᠢᠳᠡᠬᠦ ᠬᠣᠭᠣᠯᠠ ᠤᠤᠭᠤᠬᠤ ᠤᠰᠤ ᠴᠤ᠌ ᠣᠯᠳᠠᠬᠤ ᠦᠭᠡᠢ ᠤᠷᠲᠤ ᠵᠠᠮ ᠳᠤᠭᠤᠯᠤᠭᠠᠳ ᠶᠠᠳᠠᠷᠠᠵᠤ ᠶᠠᠪᠤᠨ᠎ᠠ᠃ ᠵᠢᠭᠠᠬᠠᠨ ᠴᠤ᠌ ᠭᠡᠰᠡᠨ ᠤᠤᠭᠤᠬᠤ ᠤᠰᠤ ᠪᠠᠢᠪᠠᠯ ᠥᠭᠭᠦᠭᠡᠴᠢ!
| ᠬᠡᠩ᠂ ᠶᠠᠭᠤᠨ ᠤᠰᠤ ᠢᠳᠡᠬᠦ ᠬᠣᠭᠣᠯᠠ ᠴᠤ᠌ ᠠᠯᠠᠭ᠎ᠠ ᠪᠠᠢᠨ᠎ᠠ᠃ ᠬᠠᠷᠢᠨ ᠴᠢᠮ᠎ᠠ ᠶ᠋ᠢ ᠪᠠᠷᠢᠭᠠᠳ ᠢᠳᠡᠴᠢᠬᠡᠳᠡᠭ ᠶᠦᠮ ᠪᠢᠯᠡ ᠤᠤ! ᠠᠤ ᠠᠤ|
| ᠠ| ᠲᠤᠰᠠᠯᠠᠭᠠᠷᠠᠢ! ᠶᠣᠬᠣ᠂ ᠠᠷᠠᠢ ᠨᠢᠭᠡᠨ ᠠᠮᠢ ᠪᠠᠨ ᠠᠪᠴᠤ ᠭᠠᠷᠤᠯ᠎ᠠ ᠰᠢᠦ᠃
ᠶᠡᠬᠡᠳᠡ ᠶᠠᠳᠠᠷᠠᠵᠠᠢ᠃ ᠢᠩᠭᠢᠭᠡᠳ ᠪᠤᠳ᠋ᠳ᠋ᠾᠠ ᠮᠠᠨᠢ ᠦᠨᠡᠭᠡᠨ ᠡᠴᠡ ᠠᠮᠢ ᠪᠠᠨ ᠠᠷᠠᠢ ᠭᠡᠵᠦ ᠠᠪᠴᠤ ᠭᠠᠷᠤᠭᠠᠳ ᠶᠡᠬᠡᠳᠡ ᠶᠠᠳᠠᠷᠠᠵᠤ ᠲᠤᠢᠯᠳᠠᠭᠠᠳ ᠶᠠᠳᠠᠷᠠᠭᠰᠠᠨ ᠳ᠋ᠤ᠌ ᠪᠠᠨ ᠤᠬᠠᠭ᠎ᠠ ᠠᠯᠳᠠᠭᠠᠳ ᠤᠨᠠᠴᠢᠬᠠᠵᠠᠢ᠃ ᠶᠠᠭ ᠡᠨᠡ ᠦᠶ᠎ᠡ ᠳ᠋ᠦ᠍ ᠨᠢᠭᠡᠨ ᠪᠠᠭᠪᠠᠭᠠᠢ ᠪᠢᠴᠢᠬᠠᠨ ᠪᠤᠳ᠋ᠳ᠋ᠾᠠ ᠶ᠋ᠢ ᠣᠯᠵᠤ ᠬᠠᠷᠠᠭᠠᠳ ᠣᠴᠢᠵᠤ ᠦᠵᠡᠬᠦ ᠪᠡᠷ ᠰᠢᠢᠳᠪᠡ᠃ ᠲᠡᠭᠡᠭᠡᠳ ᠣᠴᠢᠭᠠᠳ ᠦᠨᠦᠷᠯᠡᠵᠦ ᠦᠵᠡᠭᠰᠡᠨ ᠴᠢᠨᠢ ᠦᠬᠦᠭᠰᠡᠨ ᠶᠦᠮ ᠰᠢᠭ ᠪᠣᠯᠬᠤ ᠪᠠᠷ ᠨᠢ ᠴᠠᠭᠠᠰᠢ ᠪᠠᠨ ᠶᠠᠪᠤᠭᠠᠳ ᠥᠭᠪᠡ᠃ ᠬᠠᠷᠢᠨ ᠪᠤᠳ᠋ᠳ᠋ᠾᠠ ᠤᠬᠠᠭ᠎ᠠ ᠣᠷᠣᠭ᠎ᠠ ᠦᠭᠡᠢ ᠯᠡ ᠪᠠᠢᠪᠠ᠃ ᠡᠨᠡ ᠦᠶ᠎ᠡ ᠳ᠋ᠦ᠍ ᠣᠢ ᠶ᠋ᠢᠨ ᠴᠤᠭᠤᠷᠬᠠᠢ ᠳ᠋ᠤ᠌ ᠳᠡᠯᠳᠡᠩ ᠲᠠᠤᠯᠠᠢ ᠤᠰᠤ ᠬᠠᠢᠨ ᠶᠠᠪᠤᠵᠤ ᠪᠠᠢᠯ᠎ᠠ᠃ ᠤᠳᠠᠯ ᠦᠭᠡᠢ ᠲᠠᠤᠯᠠᠢ ᠵᠢᠭᠠᠬᠠᠨ ᠤᠰᠤ ᠣᠯᠵᠤ ᠬᠠᠷᠠᠯ᠎ᠠ᠃ ᠰᠠᠪᠠᠨ ᠳ᠋ᠤ᠌ ᠪᠠᠨ ᠤᠰᠤ ᠪᠠᠨ ᠬᠢᠭᠡᠳ ᠭᠡᠷ ᠦ᠋ᠨ ᠵᠦᠭ ᠪᠤᠴᠠᠵᠤ ᠶᠠᠪᠤᠲᠠᠯ᠎ᠠ ᠵᠠᠮ ᠳ᠋ᠤ᠌ ᠨᠢ ᠨᠢᠭᠡ ᠶᠠᠭᠤᠮ᠎ᠠ ᠬᠠᠷᠠᠭᠳᠠᠵᠤ ᠣᠢᠷᠠᠲᠤᠨ ᠣᠴᠢᠲᠠᠯ᠎ᠠ ᠤᠬᠠᠭᠠᠨ ᠦᠭᠡᠢ ᠬᠡᠪᠲᠡᠵᠦ ᠪᠣᠢ ᠬᠥᠮᠦᠨ ᠪᠠᠢᠯ᠎ᠠ᠃ ᠲᠡᠭᠦᠨ ᠢ᠋ ᠰᠡᠷᠡᠭᠡᠬᠦ ᠶ᠋ᠢᠨ ᠲᠤᠯᠠᠳᠠ ᠰᠠᠪᠠ ᠲᠠᠢ ᠤᠰᠤᠨ ᠠ᠋ᠴᠠ ᠪᠠᠨ ᠤᠤᠭᠤᠯᠭᠠᠪᠠ᠃
|ᠲᠠᠤᠯᠠᠢ ᠠ᠋᠂ ᠴᠢᠮ᠎ᠠ ᠳ᠋ᠤ᠌ ᠮᠠᠰᠢ ᠶᠡᠬᠡ ᠪᠠᠶᠠᠷᠯᠠᠯ᠎ᠠ᠃ ᠪᠢ ᠤᠷᠲᠤ ᠵᠠᠮ ᠲᠤᠭᠤᠯᠵᠤ ᠤᠤᠭᠤᠬᠤ ᠤᠰᠤ ᠢᠳᠡᠬᠦ ᠬᠣᠭᠣᠯᠠ ᠣᠯᠳᠠᠬᠤ ᠦᠭᠡᠢ ᠶᠠᠳᠠᠷᠠᠵᠤ ᠶᠠᠪᠤᠨ᠎ᠠ᠃
|ᠬᠣᠶᠠᠭᠤᠯᠠ ᠪᠠᠨ ᠮᠠᠨ ᠤ᠋ ᠭᠡᠷ ᠤᠷᠤᠭᠤ ᠶᠠᠪᠤᠶ᠎ᠠ᠃
ᠢᠩᠭᠢᠭᠡᠳ ᠲᠠᠤᠯᠠᠢ ᠭᠡᠷ ᠤᠷᠤᠭᠤ ᠪᠠᠨ ᠳᠠᠭᠠᠭᠤᠯᠤᠨ ᠶᠠᠪᠤᠯ᠎ᠠ᠃
|ᠲᠠ ᠡᠨᠳᠡ ᠲᠦᠷ ᠬᠦᠯᠢᠶᠡᠵᠦ ᠪᠠᠢᠭᠠᠷᠠᠢ! ᠪᠢ ᠬᠣᠭᠣᠯᠠ ᠪᠡᠯᠡᠳᠦᠭᠡᠳ ᠲᠡᠭᠡᠶ᠎ᠡ!
ᠲᠠᠤᠯᠠᠢ ᠭᠡᠷ ᠲᠦ᠍ ᠪᠡᠨ ᠣᠷᠣᠨ ᠬᠣᠭᠣᠯᠠ ᠬᠠᠢᠭᠰᠠᠭᠠᠷ᠁ ᠬᠠᠷᠢᠨ ᠪᠤᠳ᠋ᠳ᠋ᠾᠠ ᠡᠷᠭᠢᠨ ᠲᠣᠭᠣᠷᠢᠨ ᠢ᠋ᠶ᠋ᠠᠨ ᠠᠵᠢᠨ ᠲᠠᠤᠯᠠᠢ ᠶ᠋ᠢ ᠬᠦᠯᠢᠶᠡᠭᠰᠡᠭᠡᠷ ᠯᠡ ᠪᠠᠢᠯ᠎ᠠ᠃ ᠭᠡᠪᠡᠴᠦ ᠲᠠᠤᠯᠠᠢ ᠶ᠋ᠢᠨ ᠭᠡᠷ ᠲᠦ᠍ ᠶᠠᠭᠤ ᠴᠤ᠌ ᠪᠠᠢᠭᠰᠠᠨ ᠦᠭᠡᠢ᠃
|ᠡᠩ|
ᠬᠠᠷᠢᠨ ᠪᠤᠳ᠋ᠳ᠋ᠾᠠ ᠡᠷᠭᠢᠨ ᠲᠣᠭᠣᠷᠢᠨ ᠢ᠋ᠶ᠋ᠠᠨ ᠠᠵᠢᠨ ᠲᠠᠤᠯᠠᠢ ᠶ᠋ᠢ ᠬᠦᠯᠢᠶᠡᠭᠰᠡᠭᠡᠷ ᠯᠡ ᠪᠠᠢᠯ᠎ᠠ᠃ ᠭᠡᠨᠡᠳᠲᠡ ᠭᠡᠷ ᠡᠴᠡ ᠠᠮᠲᠠᠲᠠᠢ ᠬᠣᠭᠣᠯᠠᠨ ᠤ᠋ ᠦᠨᠦᠷ ᠦᠨᠦᠷᠲᠦᠵᠦ ᠡᠬᠢᠯᠡᠪᠡ᠃ ᠭᠡᠷ ᠤᠷᠤᠭᠤ ᠣᠷᠣᠬᠤ ᠪᠠᠷ ᠰᠢᠢᠳᠦᠨ ᠬᠠᠭᠠᠯᠭ᠎ᠠ ᠪᠠᠷ ᠱᠠᠭᠠᠢᠨ ᠬᠠᠷᠠᠪᠠᠯ ᠰᠢᠷᠡᠭᠡᠨ ᠳᠡᠭᠡᠷ᠎ᠡ ᠲᠠᠪᠠᠭ ᠲᠠᠢ ᠬᠣᠭᠣᠯᠠ ᠪᠠᠢᠬᠤ ᠶ᠋ᠢ ᠬᠠᠷᠠᠭᠠᠳ ᠶᠡᠬᠡᠳᠡ ᠥᠯᠥᠰᠦᠭᠰᠡᠨ ᠢ᠋ᠶ᠋ᠡᠨ ᠮᠡᠳᠡᠨ ᠳᠠᠭᠤᠰᠲᠠᠯ᠎ᠠ ᠨᠢ ᠬᠣᠪᠳᠣᠭᠯᠠᠨ ᠢᠳᠡᠵᠦ ᠣᠷᠬᠢᠪᠠ᠃ ᠴᠠᠳᠤᠭᠰᠠᠨ ᠬᠣᠢᠨ᠎ᠠ ᠪᠠᠨ ᠪᠤᠳ᠋ᠳ᠋ᠾᠠ ᠭᠡᠨᠡᠳᠲᠡ ᠲᠠᠤᠯᠠᠢ ᠬᠠᠮᠢᠭ᠎ᠠ ᠣᠴᠢᠭᠰᠠᠨ ᠶᠤᠮ ᠪᠣᠯ ᠭᠡᠵᠦ ᠭᠠᠢᠬᠠᠨ ᠪᠣᠳᠣᠭᠠᠳ ᠡᠷᠭᠢᠨ ᠲᠣᠭᠣᠷᠢᠨ ᠢ᠋ᠶ᠋ᠠᠨ ᠠᠵᠢᠵᠤ ᠡᠬᠢᠯᠡᠪᠡ᠃ ᠭᠡᠨᠡᠳᠲᠡ ᠲᠠᠤᠯᠠᠢ ᠶ᠋ᠢᠨ ᠰᠡᠭᠦᠯ ᠬᠡᠪᠲᠡᠵᠦ ᠪᠠᠢᠬᠤ ᠶ᠋ᠢ ᠬᠠᠷᠠᠭᠠᠳ ᠪᠣᠯᠤᠭᠰᠠᠨ ᠤᠴᠢᠷ ᠢ᠋ ᠮᠡᠳᠡᠨ ᠨᠢᠯᠪᠤᠰᠤ ᠤᠨᠠᠭᠠᠪᠠ᠃
ᠡᠭᠡᠭ᠁
ᠨᠢᠯᠪᠤᠰᠤ ᠪᠠᠨ ᠠᠷᠴᠢᠨ ᠬᠠᠷᠠᠲᠠᠯ᠎ᠠ ᠭᠡᠷᠡᠯ ᠰᠠᠴᠤᠷᠠᠨ ᠲᠠᠤᠯᠠᠢ ᠶ᠋ᠢᠨ ᠰᠦᠨᠡᠰᠦ ᠭᠠᠷᠴᠤ ᠢᠷᠡᠵᠡᠢ ᠭᠡᠨ᠎ᠡ᠃ ᠲᠡᠭᠦᠨ ᠢ᠋ ᠬᠠᠷᠠᠭᠰᠠᠨ ᠪᠢᠴᠢᠬᠠᠨ ᠪᠤᠳ᠋ᠳ᠋ᠾᠠ ᠪᠤᠴᠠᠨ ᠬᠤᠪᠢᠯᠭᠠᠨ ᠳᠦᠷᠢ ᠳ᠋ᠦ᠍ ᠪᠡᠨ ᠬᠤᠪᠢᠯᠤᠨ᠂ ᠲᠠᠤᠯᠠᠢ ᠶ᠋ᠢᠨ ᠰᠦᠨᠡᠰᠦ ᠶ᠋ᠢ ᠪᠤᠷᠬᠠᠨ ᠤ᠋ ᠣᠷᠳᠣᠨ ᠤᠷᠤᠭᠤ ᠠᠪᠤᠨ ᠨᠢᠰᠴᠡᠢ᠃ ᠲᠡᠭᠡᠭᠡᠳ ᠪᠤᠷᠬᠠᠨ ᠪᠠᠭᠰᠢ ᠲᠠᠢ ᠪᠠᠨ ᠠᠭᠤᠯᠵᠠᠨ ᠪᠢᠴᠢᠬᠠᠨ ᠪᠤᠳ᠋ᠳ᠋ᠾᠠ ᠦᠵᠡᠵᠦ ᠬᠠᠷᠠᠭᠰᠠᠨ ᠪᠦᠬᠦᠨ ᠢ᠋ᠶ᠋ᠡᠨ ᠪᠦᠭᠦᠳᠡ ᠶ᠋ᠢ ᠨᠢ ᠶᠠᠷᠢᠵᠤ ᠥᠭᠴᠡᠢ᠃ ᠪᠤᠷᠬᠠᠨ ᠪᠠᠭᠰᠢ ᠪᠦᠭᠦᠳᠡ ᠶ᠋ᠢ ᠰᠣᠨᠣᠰᠤᠭᠠᠳ ᠲᠠᠤᠯᠠᠢ ᠶ᠋ᠢᠨ ᠰᠠᠢᠬᠠᠨ ᠰᠡᠳᠬᠢᠯ ᠢ᠋ ᠦᠨᠡᠯᠡᠵᠦ ᠰᠠᠷᠠᠨ ᠳᠡᠭᠡᠷ᠎ᠡ ᠳᠦᠷᠰᠦ ᠶ᠋ᠢ ᠨᠢ ᠦᠯᠡᠳᠡᠭᠡᠬᠦ ᠪᠡᠷ ᠰᠢᠢᠳᠴᠡᠢ᠃ ᠡᠢᠨ ᠬᠦ᠌ ᠲᠠᠤᠯᠠᠢ ᠶ᠋ᠢᠨ ᠳᠦᠷᠰᠦ ᠰᠠᠷᠠᠨ ᠳᠡᠭᠡᠷ᠎ᠡ ᠮᠥᠩᠬᠡᠳᠡ ᠬᠠᠷᠠᠭᠳᠠᠬᠤ ᠪᠣᠯᠤᠭᠰᠠᠨ ᠶᠤᠮ ᠭᠡᠨ᠎ᠡ ᠪᠢᠯᠡ᠃


   ᠦᠰᠦᠭ ᠬᠠᠲᠠᠭᠰᠠᠨ ᠨᠢ᠄ ᠮᠥᠩᠭᠦᠨᠴᠡᠴᠡᠭ
   ᠦᠰᠦᠭ ᠠᠮᠢᠯᠠᠭᠤᠯᠤᠭᠰᠠᠨ ᠨᠢ᠄ ᠮᠥᠩᠭᠦᠨᠴᠡᠴᠡᠭ
   ᠬᠢᠨᠠᠭᠴᠢ ᠪᠠᠭᠰᠢ᠄ ᠮᠥᠴᠢᠷ