ᠪᠢᠳᠡ ᠣᠯᠠᠭᠤᠯᠠ ᠪᠠᠨ-ᠮᠡᠷᠭᠡᠨᠪᠠᠭᠠᠲᠤᠷБид олуулаа-Мэргэнбаатар ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠢᠳᠡ ᠣᠯᠠᠭᠤᠯᠠ ᠪᠠᠨ-ᠮᠡᠷᠭᠡᠨᠪᠠᠭᠠᠲᠤᠷБид олуулаа-Мэргэнбаатар

ᠪᠢᠳᠡ ᠣᠯᠠᠭᠤᠯᠠ ᠪᠠᠨ-ᠮᠡᠷᠭᠡᠨᠪᠠᠭᠠᠲᠤᠷБид олуулаа-Мэргэнбаатар

ᠠᠩᠭᠢᠯᠠᠯ:ᠳᠠᠭᠤᠤ ᠬᠥᠭᠵᠢᠮ
2024-03-12

360

ᠪᠢᠳᠡ ᠣᠯᠠᠭᠤᠯᠠ ᠪᠠᠨ

   ᠦᠭᠡ᠄ ᠦ᠊ ᠡᠷᠳᠡᠨᠢᠴᠤᠭᠲᠤ 
   ᠠᠶ᠎ᠠ᠄ ᠮᠡᠷᠭᠡᠨᠪᠠᠭᠠᠲᠤᠷ 
   ᠳᠠᠭᠤᠴᠢᠨ᠄ ᠮᠡᠷᠭᠡᠨᠪᠠᠭᠠᠲᠤᠷ 

ᠨᠠᠢᠵᠠ ᠨᠠᠢᠵᠠ ᠶ᠋ᠢᠨ ᠢ᠋ᠶ᠋ᠡᠨ ᠰᠡᠳᠬᠢᠯ ᠢ᠋ ᠳᠡᠭᠡᠵᠢᠯᠡᠵᠦ᠂ 
ᠨᠡᠷᠡᠲᠦ ᠶ᠋ᠢᠨ ᠵᠠᠢ ᠠ᠋ᠴᠠ ᠬᠠᠮᠲᠤ ᠳ᠋ᠤ᠌ ᠪᠠᠨ ᠴᠤᠭᠯᠠᠷᠠᠭᠰᠠᠨ᠂ 
ᠨᠠᠢᠷ ᠨᠠᠭᠠᠳᠤᠮ ᠤ᠋ᠨ ᠠᠯᠳᠠᠩᠬᠠᠨ ᠬᠣᠢᠮᠣᠷ ᠠ᠋ᠴᠠ᠂ 
ᠨᠠᠢ᠍ᠮᠠᠨ ᠵᠦᠭ ᠦ᠋ᠨ ᠢ᠋ᠶ᠋ᠡᠨ ᠰᠣᠨᠣᠷ ᠢ᠋ ᠮᠢᠯᠢᠶᠠᠭᠰᠠᠨ᠂ 
ᠨᠠᠰᠤᠨ ᠤ᠋ ᠰᠠᠢᠬᠠᠨ ᠤᠴᠠᠷᠠᠯ ᠤ᠋ᠨ ᠪᠣᠯᠵᠣᠭ᠎ᠠ ᠲᠠᠢ᠂ 
ᠨᠠᠳᠠ ᠪᠠᠷ ᠡᠬᠢᠯᠡᠳᠡᠭ ᠮᠣᠩᠭᠣᠯ ᠬᠣᠯᠪᠣᠭ᠎ᠠ ᠮᠢᠨᠢ᠂ 
ᠴᠠᠢ ᠶ᠋ᠢᠨ ᠵᠣᠭᠣᠭ ᠴᠠᠭ ᠤ᠋ᠨ ᠢ᠋ᠶ᠋ᠠᠨ ᠠᠢᠵᠠᠮ ᠢ᠋ᠶ᠋ᠠᠷ᠂ 
ᠴᠢᠮ᠎ᠠ ᠳ᠋ᠤ᠌ ᠪᠠᠨ ᠪᠢ ᠴᠢᠨᠢ ᠵᠣᠯᠭᠠᠭᠰᠠᠨ ᠶᠤᠮ ᠠ᠋᠃ 

ᠨᠥᠬᠥᠳ ᠨᠥᠬᠥᠳ ᠦ᠋ᠨ ᠢ᠋ᠶ᠋ᠡᠨ ᠢᠲᠡᠭᠡᠯ ᠢ᠋ ᠳᠡᠭᠡᠵᠢᠯᠡᠵᠦ᠂
ᠨᠥᠬᠥᠷᠯᠡᠯ ᠦ᠋ᠨ ᠬᠡᠮᠨᠡᠯ ᠡᠴᠡ ᠴᠣᠭ ᠲᠤ ᠪᠠᠨ ᠬᠥᠭᠵᠢᠯᠳᠦᠭᠰᠡᠨ᠂
ᠨᠤᠲᠤᠭ ᠰᠣᠶᠣᠯ ᠤ᠋ᠨ ᠠᠭᠤᠵᠢᠮᠬᠠᠨ ᠪᠠᠭᠤᠴᠠᠨ ᠠ᠋ᠴᠠ᠂
ᠨᠣᠮ ᠲᠡᠦᠬᠡ ᠶ᠋ᠢᠨ ᠢ᠋ᠶ᠋ᠡᠨ ᠬᠠᠪᠲᠠᠰᠤ ᠶ᠋ᠢ ᠮᠢᠯᠢᠶᠠᠭᠰᠠᠨ᠂
ᠬᠥᠮᠦᠰ ᠦ᠋ᠨ ᠰᠣᠳᠣᠨ ᠤᠴᠠᠷᠠᠯ ᠤ᠋ᠨ ᠪᠣᠯᠵᠣᠭ᠎ᠠ ᠲᠠᠢ᠂
ᠬᠥᠭᠵᠢᠯ ᠢ᠋ᠶ᠋ᠡᠷ ᠡᠬᠢᠯᠡᠳᠡᠭ ᠮᠣᠩᠭᠣᠯ ᠬᠣᠯᠪᠣᠭ᠎ᠠ ᠮᠢᠨᠢ᠂
ᠴᠠᠢ ᠶ᠋ᠢᠨ ᠵᠣᠭᠣᠭ ᠪᠣᠳᠣᠯ ᠤ᠋ᠨ ᠠᠢᠵᠠᠮ ᠢ᠋ᠶ᠋ᠠᠷ᠂
ᠴᠢᠮ᠎ᠠ ᠳ᠋ᠤ᠌ ᠪᠠᠨ ᠪᠢ ᠴᠢᠨᠢ ᠢᠷᠡᠭᠰᠡᠨ ᠶᠦᠮ ᠠ᠋᠃

ᠠᠨᠳᠠ ᠠᠨᠳᠠ ᠶ᠋ᠢᠨ ᠢ᠋ᠶ᠋ᠡᠨ ᠬᠦᠰᠡᠯ ᠢ᠋ ᠳᠡᠭᠡᠵᠢᠯᠡᠵᠦ᠂
ᠤᠷᠮᠠᠰᠢᠯ ᠤ᠋ᠨ ᠳᠡᠭᠡᠵᠢ ᠡᠴᠡ ᠬᠠᠮᠲᠤ ᠳ᠋ᠤ᠌ ᠪᠠᠨ ᠨᠠᠷᠭᠢᠭᠰᠠᠨ᠂
ᠤᠯᠤᠰ ᠢᠷᠭᠡᠳ ᠦ᠋ᠨ ᠲᠠᠢᠪᠤᠭᠤᠬᠠᠨ ᠠᠮᠢᠳᠤᠷᠠᠯ ᠠ᠋ᠴᠠ᠂
ᠠᠵᠢᠯ ᠦᠢᠯᠡᠰ ᠦ᠋ᠨ ᠢ᠋ᠶ᠋ᠡᠨ ᠢᠷᠡᠭᠡᠳᠦᠢ ᠶ᠋ᠢ ᠵᠥᠩᠨᠡᠭᠰᠡᠨ᠂
ᠡᠷᠢᠨ ᠦ᠌ ᠮᠠᠨᠳᠤᠯ ᠳ᠋ᠤ᠌ ᠤᠴᠠᠷᠠᠯ ᠤ᠋ᠨ ᠪᠣᠯᠵᠣᠭ᠎ᠠ ᠲᠠᠢ᠂
ᠡᠷᠬᠢᠮ ᠢ᠋ᠶ᠋ᠡᠷ ᠡᠬᠢᠯᠡᠳᠡᠭ ᠮᠣᠩᠭᠣᠯ ᠬᠣᠯᠪᠣᠭ᠎ᠠ ᠮᠢᠨᠢ᠂
ᠴᠠᠢ ᠶ᠋ᠢᠨ ᠵᠣᠭᠣᠭ ᠴᠠᠭ ᠤ᠋ᠨ ᠢ᠋ᠶ᠋ᠠᠨ ᠠᠢᠵᠠᠮ ᠢ᠋ᠶ᠋ᠠᠷ᠂
ᠴᠢᠮ᠎ᠠ ᠳ᠋ᠤ᠌ ᠪᠠᠨ ᠪᠢ ᠴᠢᠨᠢ ᠵᠣᠯᠭᠠᠭᠰᠠᠨ ᠶᠤᠮ ᠠ᠋᠃

ᠪᠦᠭᠦᠳᠡ ᠪᠦᠭᠦᠳᠡ ᠶ᠋ᠢᠨ ᠵᠠᠩᠰᠢᠯ ᠢ᠋ ᠳᠡᠭᠡᠵᠢᠯᠡᠵᠦ᠂
ᠪᠥᠮᠪᠥᠷᠴᠡᠭ ᠦ᠋ᠨ ᠵᠣ ᠠ᠋ᠴᠠ ᠴᠣᠭ ᠲᠤ ᠪᠠᠨ ᠨᠢᠭᠲᠠᠷᠠᠭᠰᠠᠨ᠂
ᠪᠥᠬᠡ ᠮᠣᠷᠢ ᠶ᠋ᠢᠨ ᠤᠴᠢᠷᠲᠠᠢᠬᠠᠨ ᠶᠠᠷᠢᠶ᠎ᠠ ᠠ᠋ᠴᠠ᠂
ᠪᠦᠷᠢᠨ ᠲᠦᠮᠡᠨ ᠦ᠌ ᠪᠡᠨ ᠮᠠᠷᠭᠠᠰᠢ ᠶ᠋ᠢ ᠵᠥᠩᠨᠡᠭᠰᠡᠨ᠂
ᠵᠠᠭᠤᠨ ᠤ᠋ ᠡᠷᠴᠢᠨ ᠳ᠋ᠦ᠍ ᠤᠴᠠᠷᠠᠯ ᠤ᠋ᠨ ᠪᠣᠯᠵᠣᠭ᠎ᠠ ᠲᠠᠢ᠂
ᠵᠠᠷᠴᠢᠮ ᠢ᠋ᠶ᠋ᠠᠷ ᠡᠬᠢᠯᠡᠳᠡᠭ ᠮᠣᠩᠭᠣᠯ ᠬᠣᠯᠪᠣᠭ᠎ᠠ ᠮᠢᠨᠢ᠂
ᠴᠠᠢ ᠶ᠋ᠢᠨ ᠵᠣᠭᠣᠭ ᠪᠣᠳᠣᠯ ᠤ᠋ᠨ ᠢ᠋ᠶ᠋ᠠᠨ ᠠᠢᠵᠠᠮ ᠢ᠋ᠶ᠋ᠠᠷ᠂
ᠴᠢᠮ᠎ᠠ ᠳ᠋ᠤ᠌ ᠪᠠᠨ ᠪᠢ ᠴᠢᠨᠢ ᠢᠷᠡᠭᠰᠡᠨ ᠶᠦᠮ ᠠ᠋᠃
ᠴᠠᠢ ᠶ᠋ᠢᠨ ᠵᠣᠭᠣᠭ ᠪᠣᠳᠣᠯ ᠤ᠋ᠨ ᠢ᠋ᠶ᠋ᠠᠨ ᠠᠢᠵᠠᠮ ᠢ᠋ᠶ᠋ᠠᠷ᠂
ᠴᠢᠮ᠎ᠠ ᠳ᠋ᠤ᠌ ᠪᠠᠨ ᠪᠢ ᠴᠢᠨᠢ ᠢᠷᠡᠭᠰᠡᠨ ᠶᠦᠮ ᠠ᠋᠂
ᠴᠢᠮ᠎ᠠ ᠳ᠋ᠤ᠌ ᠪᠠᠨ ᠪᠢ ᠴᠢᠨᠢ ᠢᠷᠡᠭᠰᠡᠨ ᠶᠦᠮ ᠠ᠋᠃

   ᠦᠰᠦᠭ ᠠᠮᠢᠯᠠᠭᠤᠯᠤᠭᠴᠢ᠄ ᠮᠥᠩᠬᠡ ᠭᠠᠯ
   ᠦᠰᠦᠭ ᠬᠠᠳᠠᠭᠴᠢ᠄ ᠮᠥᠩᠬᠡ ᠭᠠᠯ
   ᠬᠢᠨᠠᠭᠴᠢ᠄ ᠭᠠᠷᠮ᠎ᠠ᠂ ᠾᠦᠩ ᠸᠧᠢ᠂ ᠢᠷᠡᠭᠡᠳᠦᠢ