ᠰᠠᠢᠨ ᠤ᠋ ᠢᠷᠥᠭᠡᠯ ᠲᠡᠢ ᠴᠠᠭᠠᠨ ᠰᠠᠷ᠎ᠠ-ᠨᠠᠷᠠᠰᠤ᠂ ᠣᠷᠴᠢᠯᠠᠩСайны ерөөлтэй цагаан сар-Нарс,Орчлон
ᠰᠠᠢᠨ ᠤ᠋ ᠢᠷᠥᠭᠡᠯ ᠲᠡᠢ ᠴᠠᠭᠠᠨ ᠰᠠᠷ᠎ᠠ
ᠦᠭᠡ᠄ ᠨ· ᠪᠠᠶᠠᠰᠤᠯ
ᠠᠶ᠎ᠠ ᠄ ᠠ᠋· ᠨᠠᠷᠠᠰᠤ
ᠨᠠᠷᠠᠰᠤ᠂ ᠣᠷᠴᠢᠯᠠᠩ ᠳᠠᠭᠤᠯᠠᠨ᠎ᠠ
ᠠᠵᠠ ᠶ᠋ᠢᠨ ᠴᠡᠩᠬᠡᠷ ᠬᠠᠳᠠᠭ ᠢ᠋ᠶ᠋ᠠᠨ ᠳᠡᠯᠭᠡᠭᠡᠳ
ᠠᠬᠠᠮᠠᠳ ᠪᠤᠭᠤᠷᠤᠯ ᠲᠠᠢ ᠪᠠᠨ ᠰᠥᠬᠥᠷᠡᠨ ᠵᠣᠯᠭᠠᠶ᠎ᠠ
ᠠᠮᠠᠨ ᠢᠷᠦᠭᠡᠯ ᠢ᠋ ᠨᠢ ᠳᠡᠭᠡᠵᠢᠯᠡᠨ ᠰᠣᠨᠣᠰᠤᠭᠠᠳ
ᠠᠰᠢᠳᠠ ᠶ᠋ᠢᠨ ᠵᠢᠷᠭᠠᠯ ᠢ᠋ ᠪᠡᠯᠭᠡᠳᠡᠨ ᠪᠡᠯᠭᠡᠳᠡᠨ ᠬᠤᠷᠤᠢᠯᠠᠶ᠎ᠠ
ᠰᠠᠢᠨ ᠤ᠋ ᠢᠷᠦᠭᠡᠯ ᠲᠡᠢ ᠴᠠᠭᠠᠨ ᠰᠠᠷ᠎ᠠ ᠳ᠋ᠤ᠌ ᠪᠠᠨ
ᠰᠠᠨᠠᠭ᠎ᠠ ᠰᠡᠳᠬᠢᠯ ᠲᠠᠢᠪᠤᠭᠤᠨ ᠲᠠᠢᠪᠤᠭᠤᠨ ᠰᠢᠨᠡᠯᠡᠶ᠎ᠡ
ᠰᠠᠢᠬᠠᠨ ᠤ᠋ ᠢᠪᠡᠭᠡᠯ ᠲᠡᠢ ᠨᠠᠨᠳᠢᠨ ᠨᠠᠨᠳᠢᠨ ᠰᠣᠶᠣᠯ ᠢ᠋ᠶ᠋ᠠᠨ
ᠰᠠᠷᠠᠭᠤᠯ ᠤᠬᠠᠭᠠᠨ ᠢ᠋ᠶ᠋ᠠᠷ ᠢ᠋ᠶ᠋ᠠᠨ
ᠥᠪᠯᠡᠨ ᠥᠪᠯᠡᠨ ᠤᠯᠠᠮᠵᠢᠯᠠᠶ᠎ᠠ
ᠡᠶ᠎ᠡ ᠶ᠋ᠢᠨ ᠮᠥᠩᠭᠥᠨ ᠬᠥᠬᠦᠦᠷ ᠢ᠋ᠶ᠋ᠡᠨ ᠰᠣᠯᠢᠯᠴᠠᠭᠠᠳ
ᠡᠯᠢᠭᠡ ᠨᠢᠭᠡᠲᠡᠢ ᠨᠥᠬᠥᠳ ᠲᠡᠢ ᠪᠡᠨ ᠤᠴᠠᠷᠠᠨ ᠵᠣᠯᠭᠠᠶ᠎ᠠ
ᠡᠪ ᠦ᠋ᠨ ᠵᠢᠷᠤᠮ ᠢ᠋ᠶ᠋ᠠᠨ ᠨᠠᠨᠳᠢᠩᠨᠠᠨ ᠳᠡᠭᠡᠳᠦᠯᠡᠭᠡᠳ
ᠡᠳ᠋ ᠦ᠋ᠨ ᠪᠤᠶᠠᠨ ᠢ᠋ ᠨᠢ ᠳᠠᠭᠠᠳᠬᠠᠨ ᠳᠠᠭᠠᠳᠬᠠᠨ ᠬᠦᠰᠡᠶ᠎ᠡ
ᠰᠠᠢᠨ ᠤ᠋ ᠢᠷᠦᠭᠡᠯ ᠲᠡᠢ ᠴᠠᠭᠠᠨ ᠰᠠᠷ᠎ᠠ ᠳ᠋ᠤ᠌ ᠪᠠᠨ
ᠰᠠᠨᠠᠭ᠎ᠠ ᠰᠡᠳᠬᠢᠯ ᠲᠠᠢᠪᠤᠭᠤᠨ ᠰᠢᠨᠡᠯᠡᠶ᠎ᠡ
ᠰᠠᠢᠬᠠᠨ ᠤ᠋ ᠢᠪᠡᠭᠡᠯ ᠲᠡᠢ ᠨᠠᠨᠳᠢᠨ ᠨᠠᠨᠳᠢᠨ ᠰᠣᠶᠣᠯ ᠢ᠋ᠶ᠋ᠠᠨ
ᠰᠠᠷᠠᠭᠤᠯ ᠤᠬᠠᠭᠠᠨ ᠢ᠋ᠶ᠋ᠠᠷ ᠢ᠋ᠶ᠋ᠠᠨ ᠥᠪᠯᠡᠨ ᠥᠪᠯᠡᠨ ᠤᠯᠠᠮᠵᠢᠯᠠᠶ᠎ᠠ
ᠥᠪ ᠦ᠋ᠨ ᠢᠷᠠᠭᠤ ᠨᠣᠮ ᠢ᠋ᠶ᠋ᠠᠨ ᠡᠪᠦᠷᠯᠡᠭᠡᠳ ᠨᠣᠮ ᠢ᠋ᠶ᠋ᠠᠨ ᠡᠪᠦᠷᠯᠡᠭᠡᠳ
ᠥᠭᠡᠯᠡᠢ ᠦᠷ᠎ᠡ ᠳ᠋ᠦ᠍ ᠪᠡᠨ ᠪᠡᠯᠡᠭᠯᠡᠨ ᠬᠦᠷᠭᠡᠶ᠎ᠡ
ᠥᠭᠡᠳᠡ ᠪᠡᠨ ᠵᠠᠶᠠᠭ᠎ᠠ ᠶ᠋ᠢ ᠨᠢ ᠵᠥᠩᠨᠡᠨ ᠢᠷᠦᠭᠡᠭᠡᠳ
ᠥᠭᠭᠢᠶᠡᠮᠦᠷ ᠬᠠᠢᠷ᠎ᠠ ᠪᠠᠷ ᠢ᠋ᠶ᠋ᠠᠨ ᠲᠠᠭᠠᠰᠢᠶᠠᠨ ᠮᠢᠯᠢᠶᠠᠶ᠎ᠠ
ᠰᠠᠢᠨ ᠤ᠋ ᠢᠷᠦᠭᠡᠯ ᠲᠡᠢ ᠴᠠᠭᠠᠨ ᠰᠠᠷ᠎ᠠ ᠳ᠋ᠤ᠌ ᠪᠠᠨ
ᠰᠠᠨᠠᠭ᠎ᠠ ᠰᠡᠳᠬᠢᠯ ᠲᠠᠢᠪᠤᠭᠤᠨ ᠰᠢᠨᠠᠯᠠᠶ᠎ᠠ
ᠰᠠᠢᠬᠠᠨ ᠤ᠋ ᠢᠪᠡᠭᠡᠯ ᠲᠡᠢ ᠨᠠᠨᠳᠢᠨ ᠰᠣᠶᠣᠯ ᠢ᠋ᠶ᠋ᠠᠨ
ᠰᠠᠷᠠᠭᠤᠯ ᠤᠬᠠᠭᠠᠨ ᠢ᠋ᠶ᠋ᠠᠷ ᠢ᠋ᠶ᠋ᠠᠨ ᠥᠪᠯᠡᠨ ᠤᠯᠠᠮᠵᠢᠯᠠᠶ᠎ᠠ
ᠰᠠᠢᠨ ᠤ᠋ ᠢᠷᠦᠭᠡᠯ ᠲᠡᠢ ᠴᠠᠭᠠᠨ ᠰᠠᠷ᠎ᠠ ᠳ᠋ᠤ᠌ ᠪᠠᠨ
ᠰᠠᠨᠠᠭ᠎ᠠ ᠰᠡᠳᠬᠢᠯ ᠲᠠᠢᠪᠤᠭᠤᠨ ᠰᠢᠨᠡᠯᠡᠶ᠎ᠡ
ᠰᠠᠢᠬᠠᠨ ᠤ᠋ ᠢᠪᠡᠭᠡᠯ ᠲᠡᠢ ᠨᠠᠨᠳᠢᠨ ᠨᠠᠨᠳᠢᠨ ᠰᠣᠶᠣᠯ ᠢ᠋ᠶ᠋ᠠᠨ
ᠰᠠᠷᠠᠭᠤᠯ ᠤᠬᠠᠭᠠᠨ ᠢ᠋ᠶ᠋ᠠᠷ ᠢ᠋ᠶ᠋ᠠᠨ ᠥᠪᠯᠡᠨ ᠥᠪᠯᠡᠨ ᠤᠯᠠᠮᠵᠢᠯᠠᠶ᠎ᠠ
ᠦᠰᠦᠭ ᠠᠮᠢᠯᠠᠭᠤᠯᠵᠤ ᠬᠠᠲᠠᠭᠰᠠᠨ ᠨᠢ᠄ ᠲᠣᠳᠣᠭᠡᠷᠡᠯ
ᠬᠢᠨᠠᠭᠴᠢ᠄ ᠪᠢᠮᠪᠠ ᠢᠷᠡᠭᠡᠳᠦᠢ᠂ ᠭᠠᠷᠮ᠎ᠠ᠂ ᠰ· ᠳᠣᠷᠣᠨ᠎ᠠ
