ᠬᠦᠷᠡᠩ ᠽᠠᠨᠳᠠᠨ ᠮᠣᠳᠣ-ᠪᠤᠤ ᠶᠢᠨ ᠲᠢᠩХүрэн зандан мод-Буу ин дин
ᠬᠦᠷᠡᠩ ᠽᠠᠨᠳᠠᠨ ᠮᠣᠳᠣ
ᠮᠣᠩᠭᠣᠯ ᠠᠷᠠᠳ ᠤ᠋ᠨ ᠳᠠᠭᠤᠤ
ᠪᠤᠤ ᠶᠢᠨ ᠲᠢᠩ ᠳᠠᠭᠤᠯᠠᠨ᠎ᠠ
ᠬᠦᠷᠡᠩ ᠽᠠᠨᠳᠠᠨ ᠮᠣᠳᠣ ᠶ᠋ᠢ ᠪᠡᠨ ᠨᠠᠪᠴᠢᠯᠠᠵᠤ ᠪᠠᠢᠬᠤ ᠶ᠋ᠢᠨ ᠦᠶ᠎ᠡ ᠳ᠋ᠦ᠍ ᠨᠢ ᠬᠦ᠋
ᠬᠥᠭᠡᠷᠦᠬᠦᠨ ᠳᠠᠭᠤ ᠲᠠᠢ ᠬᠥᠬᠥᠭᠡ ᠰᠢᠪᠠᠭᠤ ᠨᠢ ᠳᠣᠩᠭᠣᠳᠤᠨ᠎ᠠ ᠳ᠋ᠠ ᠬᠦ᠋
ᠬᠠᠢᠷᠠᠲᠠᠢ ᠬᠣᠶᠠᠷ ᠬᠥᠮᠦᠨ ᠨᠢ ᠠᠭᠤᠯᠵᠠᠭᠠᠳ ᠤᠴᠠᠷᠠᠬᠤ ᠶ᠋ᠢᠨ ᠦᠶ᠎ᠡ ᠳ᠋ᠦ᠍ ᠨᠢ ᠬᠦ᠋
ᠬᠠᠮᠲᠤᠷᠠᠨ ᠰᠠᠭᠤᠭᠠᠳ ᠡᠭᠦᠷᠢᠳᠡ ᠶ᠋ᠢᠨ ᠢ᠋ᠶ᠋ᠡᠨ ᠵᠢᠷᠭᠠᠯ ᠢ᠋ ᠶᠠᠷᠢᠯᠴᠠᠨ᠎ᠠ ᠳ᠋ᠠ ᠬᠦ᠋
ᠰᠠᠯᠠᠭ᠎ᠠ ᠽᠠᠨᠳᠠᠨ ᠮᠣᠳᠣ ᠶ᠋ᠢ ᠪᠡᠨ ᠨᠠᠪᠴᠢᠯᠠᠵᠤ ᠪᠠᠢᠬᠤ ᠶ᠋ᠢᠨ ᠦᠶ᠎ᠡ ᠳ᠋ᠦ᠍ ᠨᠢ ᠬᠦ᠋
ᠰᠠᠢᠬᠠᠨ ᠳᠠᠭᠤ ᠲᠠᠢ ᠬᠥᠬᠥᠭᠡ ᠰᠢᠪᠠᠭᠤ ᠨᠢ ᠳᠣᠩᠭᠣᠳᠤᠨ᠎ᠠ ᠳ᠋ᠠ ᠬᠦ᠋
ᠰᠠᠨᠠᠭᠰᠠᠨ ᠬᠣᠶᠠᠷ ᠬᠥᠮᠦᠨ ᠨᠢ ᠠᠭᠤᠯᠵᠠᠭᠠᠳ ᠤᠴᠠᠷᠠᠬᠤ ᠶ᠋ᠢᠨ ᠦᠶ᠎ᠡ ᠳ᠋ᠦ᠍ ᠨᠢ ᠬᠦ᠋
ᠰᠠᠨᠠᠭᠰᠠᠨ ᠰᠡᠳᠬᠢᠯ ᠢ᠋ᠶ᠋ᠡᠨ ᠬᠠᠷᠢᠯᠴᠠᠨ ᠶᠠᠷᠢᠯᠴᠠᠨ᠎ᠠ ᠳ᠋ᠠ ᠬᠦ᠋
ᠤᠷᠭᠤᠭ᠎ᠠ ᠽᠠᠨᠳᠠᠨ ᠮᠣᠳᠣ ᠶ᠋ᠢ ᠪᠡᠨ ᠨᠠᠪᠴᠢᠯᠠᠵᠤ ᠪᠠᠢᠬᠤ ᠶ᠋ᠢᠨ ᠦᠶ᠎ᠡ ᠳ᠋ᠦ᠍ ᠨᠢ ᠬᠦ᠋
ᠤᠷᠠᠨ ᠳᠠᠭᠤ ᠲᠠᠢ ᠬᠥᠬᠥᠭᠡ ᠰᠢᠪᠠᠭᠤ ᠨᠢ ᠳᠣᠩᠭᠣᠳᠤᠨ᠎ᠠ ᠳ᠋ᠠ ᠬᠦ᠋
ᠤᠴᠠᠷᠠᠭᠰᠠᠨ ᠬᠣᠶᠠᠷ ᠬᠥᠮᠦᠨ ᠨᠢ ᠠᠭᠤᠯᠵᠠᠭᠠᠳ ᠤᠴᠠᠷᠠᠬᠤ ᠶ᠋ᠢᠨ ᠦᠶ᠎ᠡ ᠳ᠋ᠦ᠍ ᠨᠢ ᠬᠦ᠋
ᠦᠨᠡᠨ ᠰᠡᠳᠬᠢᠯ ᠢ᠋ᠶ᠋ᠡᠨ ᠬᠠᠷᠢᠯᠴᠠᠨ ᠶᠠᠷᠢᠯᠴᠠᠨ᠎ᠠ ᠳ᠋ᠠ ᠬᠦ᠋
ᠨᠠᠮᠠᠭ᠎ᠠ ᠽᠠᠨᠳᠠᠨ ᠮᠣᠳᠣ ᠶ᠋ᠢ ᠪᠡᠨ ᠨᠠᠪᠴᠢᠯᠠᠵᠤ ᠪᠠᠢᠬᠤ ᠶ᠋ᠢᠨ ᠦᠶ᠎ᠡ ᠳ᠋ᠦ᠍ ᠨᠢ ᠬᠦ᠋
ᠨᠠᠷᠢᠨ ᠳᠠᠭᠤ ᠲᠠᠢ ᠬᠥᠬᠥᠭᠡ ᠰᠢᠪᠠᠭᠤ ᠨᠢ ᠳᠣᠩᠭᠣᠳᠤᠨ᠎ᠠ ᠳ᠋ᠠ ᠬᠦ᠋
ᠨᠠᠢᠷᠲᠠᠢ ᠬᠣᠶᠠᠷ ᠬᠥᠮᠦᠨ ᠨᠢ ᠠᠭᠤᠯᠵᠠᠭᠠᠳ ᠤᠴᠠᠷᠠᠬᠤ ᠶ᠋ᠢᠨ ᠦᠶ᠎ᠡ ᠳ᠋ᠦ᠍ ᠨᠢ ᠬᠦ᠋
ᠨᠠᠨᠳᠢᠨ ᠰᠡᠳᠬᠢᠯ ᠢ᠋ᠶ᠋ᠡᠨ ᠬᠠᠷᠢᠯᠴᠠᠨ ᠶᠠᠷᠢᠯᠴᠠᠨ᠎ᠠ ᠳ᠋ᠠ ᠬᠦ᠋
ᠨᠠᠨᠳᠢᠨ ᠰᠡᠳᠬᠢᠯ ᠢ᠋ᠶ᠋ᠡᠨ ᠬᠠᠷᠢᠯᠴᠠᠨ ᠶᠠᠷᠢᠯᠴᠠᠨ᠎ᠠ ᠳ᠋ᠠ ᠬᠦ᠋
ᠦᠰᠦᠭ ᠬᠠᠳᠠᠭᠴᠢ᠄ ᠤᠯᠠᠭᠠᠨ᠂ ᠠᠯᠲᠠᠨᠴᠢᠮᠡᠭ
ᠬᠢᠨᠠᠭᠴᠢ᠄ ᠢᠷᠡᠭᠡᠳᠦᠢ᠂ ᠠᠯᠲᠠᠨᠴᠢᠮᠡᠭ
