ᠡᠷᠬᠡ ᠶ᠋ᠢᠨ ᠲᠡᠨᠡᠭ ᠵᠣᠬᠢᠶᠠᠭᠴᠢ᠄ ᠲᠦᠰᠢᠶᠡᠲᠦ ᠬᠠᠨ ᠠᠢᠮᠠᠭ ᠤ᠋ᠨ ᠵᠣᠷᠢᠭᠲᠤ ᠸᠠᠩ ᠤ᠋ᠨ ᠬᠣᠰᠢᠭᠤᠨ ᠤ᠋ ᠵᠥᠩᠲᠡᠢ ᠳᠣᠷᠵᠢ ᠶ᠋ᠢᠨ ᠣᠳᠬᠠᠨᠪᠠᠲᠤ ᠠᠪᠤ ᠶ᠋ᠢᠨ ᠢ᠋ᠶ᠋ᠡᠨ ᠡᠪᠦᠷ ᠲᠦ᠍ ᠨᠠᠷᠠ ᠲᠠᠢ ᠬᠠᠮᠲᠤ ᠡᠷᠬᠡᠯᠡᠭᠰᠡᠨ ᠠᠳᠤᠭᠤᠨ ᠤ᠋ ᠪᠠᠨ ᠪᠡᠯᠴᠢᠭᠡᠷ
ᠡᠷᠬᠡ ᠶ᠋ᠢᠨ ᠲᠡᠨᠡᠭ
ᠵᠣᠬᠢᠶᠠᠭᠴᠢ᠄ ᠲᠦᠰᠢᠶᠡᠲᠦ ᠬᠠᠨ ᠠᠢᠮᠠᠭ ᠤ᠋ᠨ
ᠵᠣᠷᠢᠭᠲᠤ ᠸᠠᠩ ᠤ᠋ᠨ ᠬᠣᠰᠢᠭᠤᠨ ᠤ᠋
ᠵᠥᠩᠲᠡᠢ ᠳᠣᠷᠵᠢ ᠶ᠋ᠢᠨ ᠣᠳᠬᠠᠨᠪᠠᠲᠤ
ᠠᠪᠤ ᠶ᠋ᠢᠨ ᠢ᠋ᠶ᠋ᠡᠨ ᠡᠪᠦᠷ ᠲᠦ᠍ ᠨᠠᠷᠠ ᠲᠠᠢ ᠬᠠᠮᠲᠤ ᠡᠷᠬᠡᠯᠡᠭᠰᠡᠨ
ᠠᠳᠤᠭᠤᠨ ᠤ᠋ ᠪᠠᠨ ᠪᠡᠯᠴᠢᠭᠡᠷ ᠲᠦ᠍ ᠡᠮᠨᠢᠭ ᠰᠤᠷᠭᠠᠵᠤ ᠡᠷᠬᠡᠯᠡᠭᠰᠡᠨ
ᠡᠵᠢ ᠶ᠋ᠢᠨ ᠢ᠋ᠶ᠋ᠡᠨ ᠡᠩᠭᠡᠷ ᠲᠦ᠍ ᠪᠤᠷᠬᠠᠨ ᠲᠠᠢ ᠬᠠᠮᠲᠤ ᠡᠷᠬᠡᠯᠡᠭᠰᠡᠨ ᠶᠤᠮ
ᠡᠯᠪᠡᠷᠢᠯᠳᠦ ᠠᠯᠠᠭ ᠳᠡᠯᠡᠬᠡᠢ ᠶ᠋ᠢ ᠡᠷᠬᠡᠯᠡᠭᠦᠯᠵᠦ
ᠥᠯᠥᠭᠡᠢᠳᠡᠭᠰᠡᠨ ᠶᠤᠮ ᠪᠣᠯᠬᠣᠷ ᠢ᠋ᠶ᠋ᠠᠨ ᠪᠢ ᠡᠷᠬᠡ ᠶ᠋ᠢᠨ ᠲᠡᠨᠡᠭ᠃
ᠣᠯᠠᠭᠤᠯᠠ ᠪᠠᠨ ᠥᠰᠦᠭᠰᠡᠨ ᠶᠤᠮ ᠪᠣᠯᠬᠣᠷ ᠢ᠋ᠶ᠋ᠠᠨ
ᠣᠳᠬᠣᠯᠠᠵᠤ ᠡᠷᠬᠡᠯᠡᠭᠰᠡᠨ ᠶᠤᠮ
ᠣᠷᠴᠢᠯᠠᠩ ᠳ᠋ᠤ᠌ ᠮᠡᠨᠳᠦᠯᠡᠭᠰᠡᠨ ᠶᠤᠮ ᠪᠣᠯᠬᠣᠷ ᠢ᠋ᠶ᠋ᠠᠨ
ᠣᠩᠭᠢᠷᠠᠵᠤ ᠡᠷᠬᠡᠯᠡᠭᠰᠡᠨ ᠶᠤᠮ
ᠣᠯᠠᠨ ᠣᠯᠠᠨ ᠰᠣᠷᠢᠵᠢᠯ ᠲᠠᠢ ᠬᠥᠭᠡᠭᠡᠴᠡᠯᠳᠦᠵᠦ ᠡᠷᠬᠡᠯᠡᠭᠰᠡᠨ ᠶᠤᠮ
ᠣᠩᠭᠣᠨ ᠲᠠᠯ᠎ᠠ ᠶ᠋ᠢᠨ ᠢ᠋ᠶ᠋ᠡᠨ ᠴᠢᠯᠠᠭᠤ ᠪᠠᠷ ᠨᠠᠭᠠᠳᠴᠤ
ᠡᠷᠬᠡᠯᠡᠭᠰᠡᠨ ᠶᠤᠮ ᠪᠣᠯᠬᠣᠷ ᠪᠢ ᠡᠷᠬᠡ ᠶ᠋ᠢᠨ ᠲᠡᠨᠡᠭ᠃
ᠢᠯᠠᠭᠤᠨ ᠰᠠᠭᠠᠷᠠᠯ ᠤ᠋ᠨ ᠨᠢᠷᠤᠭᠤᠨ ᠳ᠋ᠤ᠌ ᠭᠢᠩᠭᠤᠯᠠᠵᠤ ᠡᠷᠬᠡᠯᠡᠭᠰᠡᠨ ᠶᠤᠮ
ᠢᠷᠭᠠᠢᠲᠤ ᠲᠠᠯ᠎ᠠ ᠶ᠋ᠢᠨ ᠪᠡᠯᠴᠢᠭᠡᠷ ᠲᠦ᠍ ᠬᠣᠨᠢ ᠬᠠᠷᠢᠭᠤᠯᠵᠤ ᠡᠷᠬᠡᠯᠡᠭᠰᠡᠨ ᠶᠤᠮ
ᠢᠯᠳᠠᠮ ᠪᠦᠰᠡᠭᠦᠢ ᠶ᠋ᠢᠨ ᠡᠩᠭᠡᠷ ᠲᠦ᠍ ᠪᠣᠯᠵᠣᠶ᠎ᠠ ᠲᠠᠯᠪᠢᠵᠤ ᠡᠷᠬᠡᠯᠡᠭᠰᠡᠨ ᠶᠤᠮ
ᠢᠨᠵᠢᠨ ᠯᠠᠮᠠ ᠶ᠋ᠢᠨ ᠡᠪᠦᠷ ᠲᠦ᠍ ᠨᠠᠢᠷᠠᠭ ᠤᠩᠰᠢᠵᠤ
ᠡᠷᠬᠡᠯᠡᠭᠰᠡᠨ ᠶᠤᠮ ᠪᠣᠯᠬᠣᠷ ᠢ᠋ᠶ᠋ᠠᠨ ᠪᠢ ᠡᠷᠬᠡ ᠶ᠋ᠢᠨ ᠲᠡᠨᠡᠭ᠃
ᠡᠭᠡᠵᠡᠭᠡᠢ ᠠᠭᠠᠷᠤᠤᠯ ᠤ᠋ᠨ ᠮᠡᠲᠦᠰ ᠰᠢᠷᠡᠭᠡ ᠳᠦᠭᠦᠷᠡᠩ ᠥᠷᠥᠵᠦ
ᠡᠵᠢ ᠡᠴᠡ ᠪᠡᠨ ᠥᠷᠥᠮ᠎ᠡ ᠢᠳᠡᠨ᠎ᠡ ᠭᠡᠵᠦ ᠡᠷᠬᠡᠯᠡᠭᠰᠡᠨ ᠶᠤᠮ
ᠡᠷᠳᠡᠨᠢ ᠬᠦᠯᠦᠭ ᠦ᠋ᠳ ᠤᠶᠠᠭ᠎ᠠ ᠳᠦᠭᠦᠷᠡᠩ ᠢᠨᠴᠠᠭᠠᠪᠠᠴᠤ
ᠡᠩ ᠦᠭᠡᠢ ᠵᠢᠷᠣᠭ᠎ᠠ ᠶ᠋ᠢ ᠨᠢ ᠤᠨᠤᠨ᠎ᠠ ᠭᠡᠵᠦ ᠠᠪᠤ ᠳ᠋ᠠᠭᠠᠨ
ᠡᠷᠬᠡᠯᠡᠭᠰᠡᠨ ᠶᠤᠮ ᠪᠣᠯᠬᠣᠷ ᠢ᠋ᠶ᠋ᠠᠨ ᠪᠢ ᠡᠷᠬᠡ ᠶ᠋ᠢᠨ ᠲᠡᠨᠡᠭ᠃
ᠨᠠᠢᠷ ᠤ᠋ᠨ ᠲᠣᠭᠣᠷ᠎ᠠ ᠡᠷᠭᠢᠬᠦ ᠳ᠋ᠦ᠍ ᠱᠤᠷᠠᠩᠬᠠᠢ ᠬᠠᠲᠠᠵᠤ ᠡᠷᠬᠡᠯᠡᠭᠰᠡᠨ ᠶᠤᠮ
ᠨᠠᠭᠠᠳᠤᠮ ᠤ᠋ᠨ ᠲᠣᠷᠭᠠᠨ ᠳᠡᠪᠵᠢᠶᠡᠨ ᠳ᠋ᠦ᠍ ᠳᠠᠪᠠᠵᠤ ᠤᠨᠠᠵᠤ ᠡᠷᠬᠡᠯᠡᠭᠰᠡᠨ ᠶᠤᠮ
ᠵᠢᠷᠭᠤᠭᠠᠨ ᠨᠠᠰᠤᠨ ᠤ᠋ ᠮᠣᠷᠢᠳ ᠢ᠋ ᠨᠠᠭᠠᠳᠤᠮ ᠳ᠋ᠤ᠌ ᠤᠷᠤᠯᠳᠤᠭᠤᠯᠵᠤ ᠡᠷᠬᠡᠯᠡᠭᠰᠡᠨ ᠶᠤᠮ
ᠵᠤᠳ ᠵᠤᠨ ᠤ᠋ ᠠᠯᠢᠨ ᠳ᠋ᠤ᠌ ᠨᠢ ᠴᠦ᠍ ᠰᠢᠯᠦᠭ ᠢ᠋ᠶ᠋ᠡᠨ ᠲᠣᠪᠰᠢᠵᠤ
ᠡᠷᠬᠡᠯᠡᠭᠰᠡᠨ ᠶᠤᠮ ᠪᠣᠯᠬᠣᠷ ᠢ᠋ᠶ᠋ᠠᠨ ᠪᠢ ᠡᠷᠬᠡ ᠶ᠋ᠢᠨ ᠲᠡᠨᠡᠭ᠃
ᠰᠠᠷ᠎ᠠ ᠨᠠᠮ᠎ᠠ ᠶ᠋ᠢ ᠪᠦᠪᠡᠢᠯᠡᠵᠦ ᠡᠷᠬᠡᠯᠡᠭᠦᠯᠦᠭᠰᠡᠨ ᠶᠤᠮ
ᠰᠠᠯᠬᠢ ᠨᠠᠮ᠎ᠠ ᠶ᠋ᠢ ᠦᠨᠦᠰᠴᠦ ᠡᠷᠬᠡᠯᠡᠭᠦᠯᠦᠭᠰᠡᠨ ᠶᠤᠮ
ᠨᠠᠷᠠ ᠨᠠᠮ᠎ᠠ ᠶ᠋ᠢ ᠡᠭᠡᠭᠡᠵᠦ ᠡᠷᠬᠡᠯᠡᠭᠦᠯᠦᠭᠰᠡᠨ ᠶᠤᠮ
ᠨᠠᠰᠤᠨ ᠲᠤᠷᠰᠢᠳᠠ ᠳ᠋ᠠᠭᠠᠨ ᠡᠷᠬᠡᠯᠡᠵᠦ
ᠠᠮᠢᠳᠤᠷᠠᠭᠰᠠᠨ ᠶᠤᠮ ᠪᠣᠯᠬᠣᠷ ᠢ᠋ᠶ᠋ᠠᠨ ᠪᠢ ᠡᠷᠬᠡ ᠶ᠋ᠢᠨ ᠲᠡᠨᠡᠭ᠃
ᠶᠡᠬᠡ ᠰᠠᠢᠬᠠᠨ ᠨᠤᠲᠤᠭ ᠲᠤ᠌ ᠮᠢᠨᠢ
ᠡᠷᠬᠡ ᠶ᠋ᠢᠨ ᠲᠡᠨᠡᠭ ᠣᠯᠳᠠᠬᠤ ᠦᠭᠡᠢ ᠪᠠᠢᠪᠠᠯ
ᠡᠭᠡᠨᠡᠭᠰᠢ ᠦᠭᠡᠢ ᠡᠷᠬᠡ ᠶ᠋ᠢᠨ ᠲᠡᠨᠡᠭ
ᠡᠨᠳᠡ ᠯᠡ ᠪᠠᠢᠨ᠎ᠠ ᠭᠡᠳ ᠨᠠᠮ᠎ᠠ ᠶ᠋ᠢ ᠵᠢᠭᠠᠭᠠᠳ ᠥᠭᠭᠦᠭᠡᠷᠡᠢ
ᠪᠢ ᠡᠷᠬᠡ ᠶ᠋ᠢᠨ ᠲᠡᠨᠡᠭ! ᠪᠢ ᠡᠷᠬᠡ ᠶ᠋ᠢᠨ ᠲᠡᠨᠡᠭ!
ᠦᠰᠦᠭ ᠠᠮᠢᠯᠠᠭᠤᠯᠤᠭᠴᠢ᠄ ᠪᠠᠶᠠᠨᠪᠤᠯᠠᠭ
ᠦᠰᠦᠭ ᠬᠠᠳᠠᠭᠴᠢ᠄ ᠪᠠᠢ· ᠰᠠᠷᠠᠨ᠎ᠠ
ᠬᠢᠨᠠᠭᠴᠢ᠄ ᠣᠳᠬᠠᠨᠰᠣ᠎ᠠ
