ᠦᠮᠡᠬᠡᠢ ᠵᠣᠳᠣᠣӨмхий жодоо ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠮᠡᠬᠡᠢ ᠵᠣᠳᠣᠣӨмхий жодоо

ᠦᠮᠡᠬᠡᠢ ᠵᠣᠳᠣᠣӨмхий жодоо

2024-03-11

352

ᠦᠮᠡᠬᠡᠢ ᠵᠣᠳᠣᠣ

         ᠨᠠᠷᠠᠰᠤ ᠶ᠋ᠢᠨ ᠢᠵᠠᠭᠤᠷ 
    ᠮᠥᠩᠬᠡ ᠨᠣᠭᠣᠭᠠᠨ ᠲᠤᠷᠤᠭ ᠮᠣᠳᠣ᠂30m ᠥᠨᠳᠥᠷ᠃ ᠥᠲᠡᠯᠪᠡᠯ ᠡᠰᠢᠨ ᠳᠡᠭᠡᠷ᠎ᠡ ᠨᠢ ᠳᠠᠪᠠᠷᠬᠠᠢ ᠶ᠋ᠢᠨ ᠪᠢᠯᠴᠤᠤ ᠪᠣᠢ ᠪᠣᠯᠤᠨ᠎ᠠ᠃ ᠲᠤᠰ ᠵᠢᠯ ᠦ᠋ᠨ ᠮᠥᠴᠢᠷ ᠨᠢ ᠰᠢᠷᠠᠪᠲᠤᠷ ᠬᠦᠷᠡᠩ ᠪᠤᠶᠤ ᠴᠠᠢᠪᠤᠷ ᠬᠦᠷᠡᠩ ᠪᠥᠭᠡᠳ ᠨᠢᠭ ᠭᠦᠢᠬᠡᠨ ᠬᠦᠷᠡᠩ ᠦᠰᠦ ᠲᠡᠢ᠃ ᠰᠢᠯᠮᠦᠦᠰᠦ ᠨᠢ ᠬᠠᠪᠲᠠᠭᠠᠢ᠂ ᠪᠦᠰᠡ ᠬᠡᠯᠪᠡᠷᠢ ᠲᠡᠢ᠂ 1.5—3cm ᠤᠷᠲᠤ ᠪᠥᠭᠡᠳ ᠬᠣᠲᠤᠭᠤᠷᠲᠤ ᠮᠣᠬᠣᠭᠣ ᠦᠵᠦᠭᠦᠷ ᠲᠡᠢ᠂ ᠠᠷᠤ ᠳ᠋ᠤᠨᠢ ᠬᠡᠢ ᠶ᠋ᠢᠨ ᠠᠮᠠᠰᠠᠷ ᠤ᠋ᠨ ᠴᠠᠭᠠᠪᠲᠤᠷ ᠵᠤᠷᠪᠤᠰ ᠪᠣᠢ᠃ ᠴᠡᠴᠡᠭ ᠨᠢ ᠭᠠᠭᠴᠠ ᠪᠡᠯᠭᠡ ᠲᠡᠢ᠂ ᠨᠢᠭᠡ ᠭᠡᠷ ᠲᠡᠢ᠃ ᠡᠷ᠎ᠡ ᠪᠠᠭ ᠴᠡᠴᠡᠭ ᠨᠢ ᠪᠠᠭᠯᠠᠷᠠᠨ ᠤᠷᠭᠤᠨ᠎ᠠ᠃ ᠡᠮ᠎ᠡ ᠪᠠᠭ ᠴᠡᠴᠡᠭ ᠨᠢ ᠮᠥᠴᠢᠷ ᠳᠡᠭᠡᠷ᠎ᠡ ᠪᠡᠨ ᠬᠡᠳᠦ ᠬᠡᠳᠦ ᠪᠡᠷ ᠤᠷᠭᠤᠨ᠎ᠠ᠂ ᠪᠣᠷᠣ ᠥᠩᠭᠡᠲᠡᠢ᠃ ᠪᠣᠷᠭᠣᠴᠣᠭ ᠨᠢ ᠪᠥᠭᠡᠷᠡᠩᠬᠡᠢ ᠪᠠᠭᠠᠨ᠎ᠠ ᠰᠢᠭ᠋ ᠪᠤᠶᠤ ᠤᠷᠲᠤᠯᠵᠢᠨ ᠥᠨᠳᠡᠭᠡᠨ ᠬᠡᠯᠪᠡᠷᠢ ᠲᠡᠢ᠂ ᠨᠣᠭᠣᠭᠠᠨ ᠬᠦᠷᠡᠩ ᠪᠤᠶᠤ ᠪᠣᠷᠣ ᠬᠦᠷᠡᠩ᠂ ᠪᠠᠷᠢᠭᠤᠯ ᠦᠭᠡᠢ᠂ 4.5—9.5cm ᠤᠷᠲᠤ᠂ ᠳ᠋ᠢᠶᠠᠮᠧᠲ᠋ᠷ ᠨᠢ 2—3cm᠂ ᠮᠥᠴᠢᠷ ᠳᠡᠭᠡᠷ᠎ᠡ ᠪᠡᠨ ᠰᠢᠯᠤᠭᠤᠨ ᠢ᠋ᠶ᠋ᠠᠷ ᠰᠠᠭᠤᠵᠤ ᠪᠣᠯᠪᠠᠰᠤᠷᠠᠪᠠᠯ ᠦᠷ᠎ᠡ ᠶ᠋ᠢᠨ ᠬᠠᠢᠷᠰᠤ ᠬᠢᠭᠡᠳ ᠦᠷ᠎ᠡ ᠨᠢ ᠬᠠᠮᠲᠤ ᠪᠠᠷ ᠬᠣᠪᠬᠣᠷᠠᠨ ᠤᠨᠠᠨ᠎ᠠ᠃ ᠦᠷ᠎ᠡ ᠨᠢ ᠬᠠᠵᠠᠭᠠᠢ ᠭᠤᠷᠪᠠᠯᠵᠢᠨ᠂ ᠳᠠᠯᠠᠪᠴᠢ ᠨᠢ ᠣᠯᠠᠩᠬᠢ ᠳ᠋ᠠᠭᠠᠨ ᠦᠷ᠎ᠡ ᠡᠴᠡ ᠪᠡᠨ ᠣᠬᠣᠷ ᠪᠤᠶᠤ ᠲᠡᠩᠴᠡᠭᠦᠦ ᠪᠠᠢᠳᠠᠭ᠃ ᠦᠷ᠎ᠡ ᠶ᠋ᠢᠨ ᠬᠠᠢᠷᠰᠤ ᠨᠢ ᠪᠥᠭᠡᠷ᠎ᠡ ᠰᠢᠭ ᠪᠤᠶᠤ ᠳᠡᠪᠢᠭᠦᠷ ᠰᠢᠭ ᠪᠥᠭᠡᠷᠡᠨ ᠬᠡᠯᠪᠡᠷᠢ ᠲᠡᠢ᠃ ᠪᠠᠭᠯᠠᠭᠴᠢ ᠬᠠᠢᠷᠰᠤ ᠨᠢ ᠲᠣᠩᠭᠣᠷᠠᠭᠤ ᠥᠨᠳᠡᠭᠡᠯᠵᠢᠨ᠂ ᠳᠤᠮᠳᠠ ᠪᠠᠨ ᠨᠠᠷᠢᠨ ᠪᠠᠢᠳᠠᠭ᠃ ᠥᠨᠳᠥᠷ ᠠᠭᠤᠯᠠ ᠶ᠋ᠢᠨ ᠳᠡᠭᠡᠳᠦ ᠬᠡᠰᠡᠭ ᠢ᠋ᠶ᠋ᠡᠷ ᠤᠷᠭᠤᠨ᠎ᠠ᠃ ᠮᠠᠨ ᠤ᠋ ᠤᠯᠤᠰ ᠤ᠋ᠨ ᠬᠠᠷᠠᠮᠦ᠋ᠷᠡᠨ᠂ ᠬᠢᠷᠢᠨ᠂ ᠯᠢᠶᠣᠤᠨᠢᠩ᠂ ᠾᠧᠪᠧᠢ᠂ ᠱᠠᠨ ᠰᠢ ᠵᠡᠷᠭᠡ ᠮᠣᠵᠢ ᠪᠠᠷ ᠤᠷᠭᠤᠳᠠᠭ᠃ ᠬᠣᠯᠲᠣᠰᠣ ᠨᠢ ᠡᠯᠳᠡᠭᠦᠷᠢ ᠶ᠋ᠢᠨ ᠲᠦᠭᠦᠬᠡᠢ ᠡᠳ᠋ ᠶᠦᠮ᠃ ᠡᠰᠢᠨ ᠡᠴᠡ ᠨᠢ ᠳᠠᠪᠠᠷᠬᠠᠢ ᠠᠪᠴᠤ ᠪᠣᠯᠤᠨ᠎ᠠ᠃ ᠰᠢᠯᠮᠦᠦᠰᠦ᠂ ᠡᠰᠢ᠂ ᠦᠨᠳᠦᠰᠦᠨ ᠳ᠋ᠦ᠍ᠨᠢ ᠳᠡᠭᠳᠡᠮᠡᠬᠡᠢ ᠲᠣᠰᠣ ᠲᠠᠢ᠃ ᠮᠣᠳᠣ ᠶ᠋ᠢ ᠨᠢ ᠪᠠᠷᠢᠯᠭ᠎ᠠ ᠪᠠ ᠣᠩᠭᠣᠴᠠ ᠬᠢᠬᠦ ᠳ᠋ᠦ᠍ ᠬᠡᠷᠡᠭᠯᠡᠨ᠎ᠡ᠃
ᠬᠢᠲᠠᠳ ᠨᠡᠷ᠎ᠡ᠄臭冷杉
ᠠᠩᠭ᠌ᠯᠢ ᠨᠡᠷ᠎ᠡ᠄Abies nephrolepis(Trautv.)Maxim
   ᠦᠰᠦᠭ ᠠᠮᠢᠯᠠᠭᠤᠯᠤᠭᠴᠢ᠄ ᠳ᠂ ᠡᠷᠬᠢᠮᠪᠠᠭᠠᠲᠤᠷ
   ᠬᠢᠨᠠᠭᠴᠢ᠄ · ᠣ· ᠰᠡᠴᠡᠨᠲᠤ ᠲᠤᠶᠠᠭ᠎ᠠ