ᠡᠬᠡ ᠮᠣᠩᠭᠣᠯ ᠬᠡᠯᠡ ᠮᠢᠨᠢ- ᠬᠠᠯᠬ᠎ᠠ ᠰᠡᠴᠡᠩᠭᠣᠤᠠЭх монгол хэл минь-Халх Сацангоо
ᠡᠬᠡ ᠮᠣᠩᠭᠣᠯ ᠬᠡᠯᠡ ᠮᠢᠨᠢ
ᠬᠠᠯᠬ᠎ᠠ ᠰᠡᠴᠡᠩᠭᠣᠤᠠ
ᠠ
ᠠᠯᠲᠠᠨ ᠬᠠᠪᠢᠰᠤᠲᠤ ᠬᠠᠭᠤᠳᠠᠰᠤᠨ ᠠ᠋ᠴᠠ ᠠᠰᠬᠠᠷᠠᠵᠤ ᠳᠤᠰᠤᠯᠠᠭᠰᠠᠨ ᠷᠠᠰᠢᠶᠠᠨ
ᠠᠽᠢᠶ᠎ᠠ ᠧᠦ᠋ᠷᠣᠫᠠ ᠶ᠋ᠢᠨ ᠥᠷᠥᠴᠡ ᠡᠴᠡ ᠠᠰᠠᠵᠤ ᠮᠠᠨᠳᠤᠭᠰᠠᠨ ᠨᠠᠷᠠ
ᠠᠤᠭ᠎ᠠ ᠪᠤᠭᠤᠷᠤᠯ ᠳᠡᠭᠡᠳᠦᠰ ᠦ᠋ᠨ ᠮᠢᠨᠢ ᠥᠪ ᠤᠯᠠᠮᠵᠢᠯᠠᠯᠲᠤ ᠠᠳᠢᠰ
ᠠᠩᠭᠠᠷᠠᠭ ᠭᠠᠷᠠᠭ ᠡᠷᠬᠡᠰ ᠢ᠋ᠶ᠋ᠡᠷ ᠠᠶᠠᠯᠠᠭᠠᠳ ᠮᠣᠩᠭᠣᠯ ᠬᠡᠯᠡ ᠮᠢᠨᠢ
ᠠ᠋
ᠡᠵᠢ ᠶ᠋ᠢᠨ ᠠᠩᠭᠢᠷ ᠰᠦ ᠰᠢᠭ ᠡᠷᠳᠡᠨᠢ ᠳᠣᠯᠣᠭᠠᠨ ᠴᠠᠭᠠᠨ ᠲᠣᠯᠣᠭᠠᠢ ᠮᠢᠨᠢ
ᠡᠨᠡᠷᠢᠯ ᠬᠠᠢᠷ᠎ᠠ ᠪᠠᠷ ᠤᠶᠠᠩᠭᠠᠷᠠᠳᠠᠭ ᠡᠩ ᠦᠭᠡᠢ ᠳᠣᠯᠣᠭᠠᠨ ᠡᠭᠡᠰᠢᠭ ᠮᠢᠨᠢ
ᠡᠯᠢᠭᠡ ᠨᠢᠭᠡᠲᠡᠢ ᠮᠠᠨᠤᠰ ᠤ᠋ᠨ ᠡᠰᠢ ᠲᠤᠯᠭᠠᠭᠤᠷᠢ ᠪᠢᠴᠢᠭ ᠮᠢᠨᠢ
ᠡᠷᠡᠮᠡᠬᠡᠢ ᠮᠣᠷᠢᠲᠠᠨ ᠤᠭᠰᠠᠭᠠᠲᠠᠨ ᠤ᠋ ᠮᠢᠨᠢ ᠪᠣᠯᠣᠳ ᠲᠠᠬᠢᠷ ᠰᠡᠯᠡᠮ᠎ᠡ
ᠢ
ᠢᠰᠡᠭᠡᠢ ᠪᠠᠭᠠᠲᠤᠷ ᠲᠤᠭᠤᠷᠭᠠᠲᠠᠳ ᠤ᠋ᠨ ᠮᠢᠨᠢ ᠡᠷᠳᠡᠨᠢ ᠲᠣᠪᠴᠢᠨ
ᠢᠳᠡᠷ ᠪᠣᠷᠣ ᠵᠢᠷᠦᠬᠡᠨ ᠦ᠌ ᠮᠢᠨᠢ ᠵᠦᠯᠲᠦᠨ ᠰᠢᠩᠭᠡᠭᠰᠡᠨ ᠪᠠᠬᠠᠷᠬᠠᠯ
ᠢᠷᠠᠭᠤ ᠨᠠᠢᠷᠠᠭ ᠤ᠋ᠨ ᠲᠩᠷᠢ ᠳ᠋ᠦ᠍ ᠤᠳᠬ᠎ᠠ ᠳᠠᠪᠲᠠᠳᠠᠭ ᠦᠭᠡᠢ ᠪᠠᠶᠠᠯᠢᠭ
ᠢᠯᠠᠮᠳᠠᠬᠠᠨ ᠰᠡᠳᠬᠢᠯ ᠦ᠋ᠨ ᠮᠢᠨᠢ ᠮᠥᠷᠥᠭᠡᠳᠦᠯ ᠳ᠋ᠦ᠍ ᠪᠣᠰᠤᠭ᠎ᠠ ᠴᠠᠬᠢᠭᠰᠠᠨ ᠬᠡᠢᠮᠣᠷᠢ
ᠣ
ᠣᠩᠭᠣᠳ ᠲᠩᠷᠢ ᠶ᠋ᠢᠨ ᠰᠢᠲᠦᠭᠡᠨ ᠣᠷᠴᠢᠯᠠᠩ ᠳ᠋ᠤ᠌ ᠭᠠᠭᠴᠠᠬᠠᠨ ᠡᠬᠡ ᠬᠡᠯᠡ ᠮᠢᠨᠢ
ᠣᠷᠬᠣᠨ ᠬᠡᠷᠦᠯᠦᠨ ᠦ᠌ ᠮᠢᠨᠢ ᠤᠷᠤᠰᠬᠠᠯ ᠰᠢᠭ᠋ ᠲᠤᠩᠭᠠᠯᠠᠭ ᠪᠣᠯᠣᠷ ᠣᠢᠯᠤᠭᠠᠨ
ᠤᠢᠭᠤᠷᠵᠢᠨ ᠮᠣᠩᠭᠣᠯ ᠲᠢᠭ ᠢ᠋ᠶ᠋ᠡᠷ ᠤᠯᠠᠮᠵᠢᠯᠠᠵᠤ ᠳᠡᠯᠭᠡᠷᠡᠭᠰᠡᠨ ᠠᠪᠢᠶ᠎ᠠ
ᠣᠯᠳᠠᠭᠰᠠᠨ ᠭᠠᠭᠴᠠ ᠨᠠᠰᠤᠨ ᠤ᠋ ᠮᠢᠨᠢ ᠣᠷᠬᠢᠵᠤ ᠪᠣᠯᠳᠠᠭ ᠦᠭᠡᠢ ᠠᠮᠢᠨ ᠰᠤᠳᠠᠰᠤ
ᠣ
ᠤᠤᠭᠠᠯ ᠰᠣᠶᠣᠯ ᠰᠤᠷᠲᠠᠬᠤᠨ ᠤ᠋ ᠮᠢᠨᠢ ᠡᠬᠢ ᠪᠤᠯᠠᠭ ᠤᠨᠳᠤᠷᠭᠠᠨ
ᠤᠯᠤᠰ ᠦᠨᠳᠦᠰᠦᠲᠡᠨ ᠶᠠᠰᠤᠲᠠᠨ ᠤ᠋ ᠮᠢᠨᠢ ᠥᠪ ᠵᠠᠯᠭᠠᠮᠵᠢ ᠮᠦᠷᠳᠡᠯ
ᠤᠶᠠᠩᠭ᠎ᠠ ᠮᠥᠷᠲᠦ ᠪᠠᠳᠠᠭ ᠤ᠋ᠨ ᠮᠢᠨᠢ ᠤᠯᠠᠭᠠᠨ ᠴᠢᠰᠤᠲᠤ ᠬᠡᠯᠬᠢᠶ᠎ᠡ
ᠤᠷᠪᠠᠭᠠᠨ ᠬᠥᠷᠪᠡᠭᠡᠨ ᠲᠡᠢ ᠥᠨᠥᠳᠥᠷ ᠦ᠋ᠨ ᠤᠬᠠᠭᠠᠷᠠᠯ ᠰᠡᠬᠡᠭᠡᠷᠡᠯ ᠦ᠋ᠨ ᠴᠠᠮᠬᠠᠭ
ᠦ
ᠥᠭᠡᠳᠡᠯᠡᠯ ᠮᠠᠨᠳᠤᠯ ᠳᠡᠭᠵᠢᠷᠡᠯ ᠦ᠋ᠨ ᠭᠡᠭᠡᠨ ᠬᠠᠷᠭᠤᠢ ᠰᠤᠭᠤᠨᠠᠭ
ᠥᠭᠡᠷᠡᠴᠢᠯᠡᠯᠲᠡ ᠨᠡᠭᠡᠭᠡᠯᠲᠡ ᠦᠢᠯᠡᠰ ᠦ᠋ᠨ ᠡᠩᠬᠡ ᠶ᠋ᠢᠨ ᠴᠠᠭᠠᠨ ᠲᠠᠭᠲᠠᠭ᠎ᠠ
ᠥᠪᠡᠷ ᠥᠪᠡᠷᠲᠡᠭᠡᠨ ᠬᠠᠷᠢᠭᠤᠴᠠᠬᠤ ᠶᠣᠰᠣᠲᠠᠢ ᠰᠤᠤ ᠪᠢᠯᠢᠭ ᠦ᠋ᠨ ᠲᠡᠮᠡᠦᠯᠦᠯ
ᠦ
ᠦᠯᠢᠭᠡᠷ ᠳᠣᠮᠣᠭ ᠲᠡᠦᠬᠡ ᠶ᠋ᠢᠨ ᠦᠦᠬᠡ ᠪᠦᠲᠦᠨ ᠲᠤᠤᠯᠢ
ᠦᠨᠡᠭᠡᠨ ᠬᠠᠷᠠᠩᠭᠤᠢ ᠶ᠋ᠢ ᠰᠠᠷᠨᠢᠭᠤᠯᠤᠭᠴᠢ ᠦᠷ ᠦ᠋ᠨ ᠴᠠᠭᠠᠨ ᠭᠡᠭᠡ
ᠥᠩᠭᠡᠷᠡᠭᠰᠡᠨ ᠪᠤᠭᠤᠷᠤᠯ ᠳᠡᠭᠡᠳᠦᠰ ᠦ᠋ᠨ ᠮᠢᠨᠢ ᠴᠢᠰᠤ ᠨᠢᠯᠪᠤᠰᠤᠨ ᠤ᠋ ᠦᠷᠭᠦᠯᠵᠢᠯᠡᠯ
ᠥᠮᠵᠦᠭ ᠴᠠᠢᠯᠭᠠᠨ ᠮᠣᠩᠭᠣᠯᠴᠤᠳ ᠤ᠋ᠨ ᠮᠢᠨᠢ ᠡᠪᠦᠭᠡᠳ ᠦ᠋ᠨ ᠬᠥᠬᠡ ᠵᠠᠬᠢᠶᠠᠰᠤ ᠠ᠋
ᠡᠬᠡ ᠮᠣᠩᠭᠣᠯ ᠬᠡᠯᠡ ᠮᠢᠨᠢ ᠤᠩᠰᠢᠵᠤ ᠪᠠᠬᠠᠷᠬᠠᠨᠠᠮ ᠰᠢᠲᠦᠭᠡᠨ ᠮᠢᠨᠢ
ᠡᠬᠡ ᠬᠡᠯᠡ ᠶ᠋ᠢᠨ ᠪᠠᠶᠠᠷ ᠤ᠋ᠨ ᠡᠳᠦᠷ ᠲᠤ ᠬᠦᠨᠳᠦᠳᠬᠡᠯ ᠳᠡᠪᠰᠢᠭᠦᠯᠦᠶ᠎ᠡ
ᠦᠰᠦᠭ ᠠᠮᠢᠯᠠᠭᠤᠯᠤᠭᠴᠢ᠄ ᠬᠣᠩ ᠮᠧᠢ
ᠦᠰᠦᠭ ᠬᠢᠨᠠᠭᠴᠢ᠄ ᠣᠳᠬᠠᠨᠰᠣ᠎ᠡ
