ᠬᠤᠯᠤᠰᠤᠯᠢᠭ ᠲᠣᠢᠳ ᠤ᠋ᠨ ᠮᠣᠳᠣХулслаг тойдын мод ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠤᠯᠤᠰᠤᠯᠢᠭ ᠲᠣᠢᠳ ᠤ᠋ᠨ ᠮᠣᠳᠣХулслаг тойдын мод

ᠬᠤᠯᠤᠰᠤᠯᠢᠭ ᠲᠣᠢᠳ ᠤ᠋ᠨ ᠮᠣᠳᠣХулслаг тойдын мод

2024-03-08

357

ᠬᠤᠯᠤᠰᠤᠯᠢᠭ ᠲᠣᠢᠳ ᠤ᠋ᠨ ᠮᠣᠳᠣ

    ᠲᠣᠢᠳ ᠤ᠋ᠨ ᠮᠣᠳᠣᠨ ᠢᠵᠠᠭᠤᠷ 
    ᠮᠥᠩᠬᠡ ᠨᠣᠭᠣᠭᠠᠨ ᠲᠤᠷᠤᠭ ᠮᠣᠳᠣ᠂ 20m ᠬᠢᠷᠢ ᠥᠨᠳᠥᠷ᠃ ᠬᠣᠯᠲᠣᠰᠣ ᠨᠢ ᠭᠢᠯᠦᠭᠡᠷ ᠪᠥᠭᠡᠳ ᠴᠠᠢᠪᠤᠷ ᠪᠣᠷᠣ ᠥᠩᠭᠡᠲᠡᠢ᠂ ᠥᠲᠡᠯᠬᠦ ᠳ᠋ᠡᠭᠡᠨ ᠨᠢᠮᠭᠡᠨ ᠢᠯᠲᠠᠰᠤ ᠪᠠᠷ ᠱᠠᠭᠠᠷᠠᠵᠤ ᠤᠨᠠᠨ᠎ᠠ᠃ ᠳᠠᠩ ᠨᠠᠪᠴᠢ ᠨᠢ ᠴᠢᠭᠲᠠᠯᠠᠨ ᠤᠷᠭᠤᠨ᠎ᠠ᠂ ᠶᠠᠭ ᠬᠤᠯᠤᠰᠤᠨ ᠮᠣᠳᠣᠨ ᠤ᠋ ᠨᠠᠪᠴᠢ ᠰᠢᠭ᠋᠂ ᠥᠷᠭᠡᠨ ᠬᠠᠪᠲᠠᠭᠠᠢ ᠲᠡᠪᠡᠨᠡ ᠬᠡᠯᠪᠡᠷᠢ ᠲᠡᠢ᠂ 4—7cm ᠤᠷᠲᠤ ᠪᠥᠭᠡᠳ ᠳᠡᠭᠡᠳᠦ ᠲᠠᠯ᠎ᠠ ᠨᠢ ᠭᠢᠯᠠᠭᠠᠷ ᠭᠦᠨ ᠨᠣᠭᠣᠭᠠᠨ ᠥᠩᠭᠡᠲᠡᠢ᠂ ᠠᠷᠤ ᠲᠠᠯ᠎ᠠ ᠨᠢ ᠭᠦᠢᠬᠡᠨ ᠨᠣᠭᠣᠭᠠᠨ᠂ ᠬᠥᠪᠡᠭᠡ ᠨᠢ ᠪᠦᠲᠦᠨ᠃ ᠴᠡᠴᠡᠭ ᠨᠢ ᠭᠠᠭᠴᠠ ᠪᠡᠯᠭᠡ ᠲᠡᠢ᠂ ᠣᠨᠳᠣᠣ ᠭᠡᠷ ᠲᠡᠢ᠂ ᠪᠦᠷ ᠨᠢᠳᠤᠨᠤᠨ ᠵᠢᠯ ᠦ᠋ᠨ ᠮᠥᠴᠢᠷ ᠦ᠋ᠨ ᠨᠠᠪᠴᠢᠨ ᠤ᠋ ᠥᠪᠥᠷ ᠲᠤ ᠤᠷᠭᠤᠨ᠎ᠠ᠃ ᠡᠷ᠎ᠡ ᠪᠠᠭ ᠴᠡᠴᠡᠭ ᠨᠢ ᠪᠥᠭᠡᠷᠡᠩᠬᠡᠢ ᠪᠠᠭᠠᠨ᠎ᠠ ᠬᠡᠯᠪᠡᠷᠢ ᠲᠡᠢ ᠪᠥᠭᠡᠳ 3—4 ᠪᠡᠷ ᠣᠬᠣᠷᠬᠠᠨ ᠪᠠᠷᠢᠭᠤᠯ ᠳᠡᠭᠡᠷ᠎ᠡ ᠪᠡᠨ ᠤᠷᠭᠤᠨ᠎ᠠ᠂ ᠤᠭ ᠨᠢ ᠬᠠᠢᠷᠰᠤᠨ ᠢᠯᠲᠠᠰᠤ ᠰᠢᠭ᠋ ᠪᠠᠭᠯᠠᠭᠴᠢ ᠪᠠᠷ ᠬᠤᠴᠢᠭᠳᠠᠵᠠᠢ᠃ ᠲᠣᠭᠣᠰᠣᠪᠴᠢ ᠨᠢ ᠲᠤᠩ ᠣᠯᠠᠨ᠂ ᠬᠣᠶᠠᠷ ᠲᠠᠰᠤᠭ ᠲᠠᠢ᠂ ᠤᠷᠲᠤ ᠪᠥᠭᠡᠷᠡᠩᠬᠡᠢ᠃ ᠡᠮ᠎ᠡ ᠪᠠᠭ ᠴᠡᠴᠡᠭ ᠨᠢ ᠨᠠᠪᠴᠢᠨ ᠤ᠋ ᠥᠪᠥᠷ ᠲᠤ ᠭᠠᠭᠴᠠᠭᠠᠷ ᠤᠷᠭᠤᠨ᠎ᠠ᠂ ᠤᠭ ᠲᠤᠨᠢ ᠬᠡᠳᠦᠨ ᠬᠠᠢᠷᠰᠤᠨ ᠢᠯᠲᠠᠰᠤ ᠰᠢᠭ᠋ ᠪᠠᠭᠯᠠᠭᠴᠢ ᠪᠣᠢ᠃ ᠪᠥᠮᠪᠥᠭᠡᠯᠢᠭ ᠦᠷ᠎ᠡ ᠶ᠋ᠢᠨ ᠬᠢᠨᠢ ᠭᠠᠳᠠᠭᠤᠷ ᠨᠣᠭᠣᠭᠠᠨ ᠮᠥᠷᠲᠡᠭᠡᠨ ᠴᠠᠭᠠᠨ ᠣ ᠲᠠᠢ ᠬᠠᠭᠤᠷᠮᠠᠭ ᠦᠷ᠎ᠡ ᠶ᠋ᠢᠨ ᠬᠠᠯᠢᠰᠤ ᠪᠠᠭᠯᠠᠵᠤ ᠪᠣᠢ᠃ ᠦᠷ᠎ᠡ ᠶ᠋ᠢᠨ ᠳᠣᠲᠣᠷ ᠬᠠᠯᠢᠰᠤ ᠨᠢ ᠶᠠᠰᠤᠯᠢᠭ ᠪᠥᠭᠡᠳ ᠴᠠᠭᠠᠨ᠃ ᠰᠦᠪᠡᠷᠬᠡᠭ ᠪᠥᠭᠡᠳ ᠥᠩ ᠰᠢᠮᠡᠯᠢᠭ ᠡᠯᠡᠰᠦᠷᠬᠡᠭ ᠬᠥᠷᠥᠰᠥᠲᠦ ᠣᠢ ᠰᠢᠭᠤᠢ ᠳᠣᠲᠣᠷ᠎ᠠ ᠤᠷᠭᠤᠨ᠎ᠠ᠃ ᠮᠠᠨ ᠤ᠋ ᠤᠯᠤᠰ ᠤ᠋ᠨ ᠵᠧᠵᠢᠶᠠᠩ᠂ ᠵᠢᠶᠠᠩᠰᠢ᠂ ᠹᠦᠵᠢᠶᠠᠨ᠂ ᠲᠠᠢᠸᠠᠨ᠂ ᠭᠣᠸᠠᠩᠳᠥ᠋ᠩ᠂ ᠭᠤᠸᠠᠩᠰᠢ᠂ ᠬᠤᠨᠠᠨ᠂ ᠰᠧᠴᠤᠸᠠᠨ ᠵᠡᠷᠭᠡ ᠮᠣᠵᠢ ᠪᠠᠷ ᠤᠷᠭᠤᠳᠠᠭ᠃ ᠦᠷ᠎ᠡ ᠶ᠋ᠢᠨ ᠲᠣᠰᠣ ᠶ᠋ᠢ ᠨᠢ ᠢᠳᠡᠵᠦ ᠪᠣᠯᠤᠨ᠎ᠠ᠂ ᠪᠠᠰᠠ ᠲᠣᠰᠣᠯᠠᠭᠤᠷ ᠲᠣᠰᠣ ᠪᠤᠶᠤ ᠰᠠᠪᠤᠩ ᠬᠢᠵᠦ ᠪᠣᠯᠤᠨ᠎ᠠ᠃ ᠮᠣᠳᠣ ᠨᠢ ᠪᠠᠷᠢᠯᠭ᠎ᠠ ᠪᠠ ᠪᠠᠭᠠᠵᠢ ᠬᠡᠷᠡᠭᠰᠡᠯ ᠦ᠋ᠨ ᠰᠠᠢᠨ ᠮᠠᠲ᠋ᠧᠷᠢᠶᠠᠯ ᠶᠤᠮ᠃ ᠦᠵᠡᠮᠵᠢ ᠶ᠋ᠢᠨ ᠤᠷᠭᠤᠮᠠᠯ ᠮᠥᠨ᠃
ᠬᠢᠲᠠᠳ ᠨᠡᠷ᠎ᠡ᠄ 竹柏
ᠠᠩᠭ᠌ᠯᠢ ᠨᠡᠷ᠎ᠡ᠄Podocarpus nagi(Thunb.)Zoll.et Mor ex zoll
   ᠦᠰᠦᠭ ᠠᠮᠢᠯᠠᠭᠤᠯᠤᠭᠴᠢ᠄ ᠳ᠂ ᠡᠷᠬᠢᠮᠪᠠᠭᠠᠲᠤᠷ
   ᠬᠢᠨᠠᠭᠴᠢ᠄ ᠴᠠᠭᠠᠨ ᠲᠤᠶᠠᠭ᠎ᠠ