ᠮᠣᠩᠭᠣᠯ ᠬᠥᠮᠦᠨ ᠦ ᠠᠮᠢᠨ ᠴᠢᠨᠠᠷМонгол хүний амин чанар
ᠮᠣᠩᠭᠣᠯ ᠬᠥᠮᠦᠨ ᠦ ᠠᠮᠢᠨ ᠴᠢᠨᠠᠷ
--ᠮᠣᠩᠭᠣᠯ ᠬᠥᠮᠦᠨ ᠦ᠌ ᠪᠡᠶ᠎ᠡ ᠶ᠋ᠢᠨ ᠲᠥᠷᠬᠦ ᠪᠠᠢᠳᠠᠯ᠂ ᠵᠠᠩ ᠠᠷᠠᠨᠰᠢᠨ᠂ ᠬᠥᠳᠡᠯᠭᠡᠭᠡᠨ᠂ ᠠᠪᠬᠠᠯᠵᠢ ᠲᠠᠢ ᠰᠠᠮᠪᠠᠭ᠎ᠠ ᠲᠠᠢ ᠰᠠᠢᠬᠠᠨ ᠪᠠᠢᠭ᠎ᠠ ᠪᠠᠢᠳᠠᠯ ᠲᠡᠭᠡᠭᠡᠳ ᠨᠢᠭᠡ ᠶᠠᠮᠠᠷᠪᠠ ᠨᠢᠭᠡ ᠶᠠᠭᠤᠮᠠᠨ ᠳ᠋ᠤ᠌ ᠲᠤᠭᠤᠰᠢᠲᠠᠢ ᠪᠠᠢᠳᠠᠭ ᠡᠨᠡ ᠴᠢᠨᠠᠷ ᠪᠣᠯ ᠮᠣᠩᠭᠣᠯ ᠬᠥᠮᠦᠨ ᠦ᠌ ᠠᠮᠢᠨ ᠴᠢᠨᠠᠷ ᠪᠢᠵᠡ ᠳᠡ ᠭᠡᠵᠦ ᠪᠣᠳᠣᠭᠳᠠᠵᠤ ᠪᠠᠢᠨ᠎ᠠ᠃
-ᠶᠡᠷᠦ ᠡᠴᠡ ᠪᠠᠢᠭᠠᠯᠢ ᠡᠬᠡ ᠳᠡᠯᠡᠬᠡᠢ ᠨᠡᠭᠦᠳᠡᠯ ᠦ᠋ᠨ ᠠᠵᠤ ᠠᠬᠤᠢ ᠡᠨᠡ ᠰᠣᠶᠣᠯ ᠡᠭᠦᠨ ᠳ᠋ᠦ᠍ ᠪᠦᠬᠦ ᠶᠠᠭᠤᠮ᠎ᠠ ᠪᠠᠨ ᠳᠠᠭᠠᠭᠰᠠᠨ ᠲᠡᠢᠮᠦ ᠲᠩᠷᠢ ᠡᠴᠢᠭᠡ ᠭᠠᠵᠠᠷ ᠡᠬᠡ ᠭᠡᠵᠦ ᠡᠨᠡ ᠪᠠᠷᠢᠯᠭ᠎ᠠ ᠳᠤᠮᠳᠠᠭᠤᠷ ᠣᠷᠣᠰᠢᠭᠰᠠᠨ ᠡᠢᠮᠦ ᠯᠡ ᠣᠨᠴᠠᠯᠢᠭ ᠲᠠᠢ ᠭᠡᠵᠦ ᠣᠢᠯᠠᠭᠠᠳᠠᠭ᠃
-ᠬᠥᠮᠦᠨ ᠦ᠌ ᠦᠨᠡᠨᠴᠢ ᠴᠢᠨᠠᠷ ᠭᠡᠵᠦ ᠪᠣᠳᠣᠳᠠᠭ ᠶᠠᠭᠤᠮ᠎ᠠ ᠥᠭᠡᠷ᠎ᠡ ᠨᠢᠭᠡ ᠶᠠᠮᠠᠷ ᠴᠤ᠌ ᠬᠥᠮᠦᠨ ᠳ᠋ᠦ᠍ ᠪᠠᠢᠬᠤ ᠦᠭᠡᠢ ᠮᠣᠩᠭᠣᠯ ᠡᠮᠡᠭᠲᠡᠢ ᠬᠥᠮᠦᠨ ᠦᠨᠡᠨᠴᠢ᠂ ᠮᠣᠩᠭᠣᠯ ᠡᠷᠡᠭᠲᠡᠢ ᠬᠥᠮᠦᠨ ᠨᠥᠬᠥᠷᠯᠡᠯ ᠳ᠋ᠦ᠍ ᠪᠡᠨ ᠦᠨᠡᠨᠴᠢ ᠴᠡᠪᠡᠷ ᠮᠣᠩᠭᠣᠯ ᠬᠥᠮᠦᠨ ᠰᠢᠦ ᠳᠡ ᠶᠠᠮᠠᠷ ᠨᠢᠭᠡᠨ ᠡᠷᠯᠢᠵᠡ ᠮᠡᠷᠯᠢᠵᠡ ᠪᠢᠰᠢ
-ᠲᠤᠰᠠᠭᠠᠷ ᠲᠣᠭᠲᠠᠨᠢᠯ ᠲᠠᠢ ᠪᠡᠶ᠎ᠡ ᠳᠠᠭᠠᠭᠠᠭᠰᠠᠨ ᠪᠦᠷᠢᠨ ᠡᠷᠬᠡᠲᠦ ᠡᠷᠬᠡ ᠴᠢᠯᠥᠭᠡ ᠲᠡᠢ ᠡᠢᠮᠦ ᠰᠠᠢᠬᠠᠨ ᠰᠠᠢᠬᠠᠨ ᠴᠢᠨᠠᠷ ᠤ᠋ᠳ ᠰᠤᠤ ᠴᠣᠭᠵᠢᠵᠤ ᠥᠨᠥᠳᠥᠷ ᠪᠢᠳᠡ ᠡᠨᠡ ᠠᠮᠢᠨ ᠴᠢᠨᠠᠷ ᠢ᠋ᠶ᠋ᠠᠷ ᠢ᠋ᠶ᠋ᠠᠨ ᠠᠮᠢᠳᠤᠷᠠᠵᠤ ᠪᠠᠢᠭ᠎ᠠ ᠪᠣᠯᠪᠠ ᠤᠤ ᠭᠡᠵᠦ ᠪᠣᠳᠣᠵᠤ ᠪᠠᠢᠨ᠎ᠠ᠃
-ᠡᠷᠲᠡ ᠳᠡᠭᠡᠷ᠎ᠡ ᠦᠶ᠎ᠡ ᠡᠴᠡ ᠪᠡᠨ ᠮᠣᠩᠭᠣᠯ ᠬᠥᠮᠦᠨ ᠪᠠᠢᠭᠠᠯᠢ ᠬᠣᠶᠠᠷ ᠳᠡᠭᠡᠳᠦ ᠳᠡᠰ ᠦ᠋ᠨ ᠠᠮᠢᠨ ᠰᠢᠲᠦᠯᠴᠡᠭᠡ ᠲᠡᠢ ᠪᠠᠢᠭᠰᠠᠨ ᠲᠡᠢᠮᠦ ᠳ᠋ᠦ᠍ ᠪᠡᠨ ᠴᠤ᠌ ᠮᠣᠩᠭᠣᠯᠴᠤᠳ ᠤ᠋ᠨ ᠮᠠᠨᠢ ᠡᠪᠦᠭᠡ ᠳᠡᠭᠡᠳᠦᠰ ᠦ᠋ᠨ ᠣᠶᠤᠨ ᠤᠬᠠᠭᠠᠨ ᠤ᠋ ᠪᠠᠨ ᠰᠤᠷ ᠪᠣᠯᠤᠭᠰᠠᠨ ᠲᠡᠷᠡ ᠰᠠᠢᠬᠠᠨ ᠳᠡᠭᠡᠵᠢ ᠪᠡᠷ ᠪᠠᠲᠤᠯᠠᠭᠰᠠᠨ ᠵᠦᠢᠯ ᠢ᠋ ᠰᠢᠨᠵᠢᠯᠡᠬᠦ ᠤᠬᠠᠭᠠᠨ ᠠᠷᠤ ᠠ᠋ᠴᠠ ᠨᠢ ᠪᠠᠲᠤᠯᠠᠵᠤ ᠶᠠᠪᠤᠳᠠᠭ ᠪᠣᠯᠪᠠ ᠤᠤ ᠭᠡᠵᠦ ᠪᠢ ᠣᠢᠯᠠᠭᠠᠳᠠᠭ᠃
ᠳᠡᠭᠡᠳᠦ ᠲᠩᠷᠢ ᠡᠴᠡ ᠵᠠᠶᠠᠭᠠᠲᠤ ᠭᠡᠰᠡᠨ ᠦᠭᠡ ᠪᠠᠰᠠ ᠵᠣᠬᠢᠶᠠᠭᠰᠠᠨ ᠦᠭᠡ ᠪᠢᠰᠢ ᠰᠢᠦ ᠳᠡ ᠨᠠᠢᠵᠠ ᠨᠤᠭᠤᠳ ᠠ᠋
-ᠣᠳᠣ ᠡᠨᠡ ᠪᠣᠯ ᠦᠨᠳᠦᠰᠦᠨ ᠳ᠋ᠦ᠍ ᠪᠡᠨ ᠠᠮᠢᠨ ᠴᠢᠨᠠᠷ ᠪᠣᠯ ᠶᠠᠪᠤᠵᠤ ᠶᠠᠪᠤᠵᠤ ᠲᠡᠷᠡ ᠭᠤᠷᠪᠠᠨ ᠬᠡᠯᠬᠢᠶᠡᠰᠦ ᠦᠭᠡᠨ ᠳᠡᠭᠡᠷ᠎ᠡ ᠲᠣᠭᠲᠠᠨ᠎ᠠ ᠭᠡᠵᠦ ᠣᠢᠯᠠᠭᠠᠳᠠᠭ ᠶᠤᠮ ᠳᠠ ᠡᠬᠢᠯᠡᠭᠡᠳ ᠥᠪᠡᠷ ᠢ᠋ ᠪᠡᠨ ᠵᠠᠰᠠᠬᠤ ᠬᠡᠷᠡᠭᠲᠡᠢ ᠪᠠᠢᠨ᠎ᠠ ᠥᠪᠡᠷ ᠢ᠋ ᠪᠡᠨ ᠣᠢᠯᠠᠭᠠᠬᠤ ᠬᠡᠷᠡᠭᠲᠡᠢ ᠪᠠᠢᠨ᠎ᠠ ᠥᠪᠡᠷ ᠢ᠋ ᠪᠡᠨ ᠣᠢᠯᠠᠭᠠᠭᠳᠠᠭᠤᠯᠬᠤ ᠬᠡᠷᠡᠭᠲᠡᠢ ᠪᠠᠢᠨ᠎ᠠ᠃ ᠳᠠᠷᠠᠭ᠎ᠠ ᠨᠢ ᠭᠡᠷ ᠢ᠋ᠶ᠋ᠡᠨ ᠵᠠᠰᠠᠬᠤ ᠥᠪᠡᠷ ᠦ᠋ᠨ ᠢ᠋ᠶ᠋ᠡᠨ ᠲᠡᠷᠡ ᠠᠮᠢᠳᠤᠷᠠᠯ ᠤ᠋ᠨ ᠤᠳᠬ᠎ᠠ ᠤᠴᠢᠷ ᠪᠣᠯᠤᠭᠰᠠᠨ ᠵᠠᠪᠠᠯ ᠲᠤᠭᠤᠯᠬᠤ ᠶᠣᠰᠣᠲᠠᠢ᠂ ᠳᠠᠷᠠᠭ᠎ᠠ ᠨᠢ ᠪᠣᠯ ᠪᠤᠰᠤᠳ ᠤ᠋ᠨ ᠲᠥᠯᠥᠭᠡ ᠵᠢᠷᠦᠬᠡ ᠪᠡᠨ ᠴᠣᠬᠢᠯᠠᠭᠤᠯᠬᠤ ᠶᠣᠰᠣᠲᠠᠢ ᠭᠡᠳᠡᠭ ᠤᠳᠬ᠎ᠠ ᠪᠠᠷ ᠲᠥᠷᠥ ᠪᠡᠨ ᠵᠠᠰᠠᠶ᠎ᠠ ᠭᠡᠰᠡᠨ ᠤᠳᠬ᠎ᠠ ᠪᠠᠷ ᠣᠷᠣᠰᠢᠵᠤ ᠪᠠᠢᠭ᠎ᠠ ᠠᠳᠠᠯᠢ᠂᠂᠂᠂
ᠡᠨᠡ ᠬᠥᠭᠡᠷᠦᠬᠦᠨ ᠴᠡᠩᠬᠡᠷ ᠳᠡᠯᠡᠬᠡᠢ ᠶ᠋ᠢ ᠥᠪᠡᠷ ᠢ᠋ᠶ᠋ᠡᠨ ᠠᠪᠴᠤ ᠪᠠᠢᠭᠠᠳ ᠬᠡᠯᠡᠳᠡᠭ ᠰᠢᠲᠠ ᠡᠨᠡ ᠬᠥᠭᠡᠦᠬᠦᠨ ᠴᠡᠩᠬᠡᠷ ᠳᠡᠯᠡᠬᠡᠢ ᠶ᠋ᠢᠨ ᠬᠠᠮᠤᠭ ᠤ᠋ᠨ ᠵᠢᠷᠦᠬᠡ ᠪᠣᠯᠤᠭᠰᠠᠨ ᠡᠨᠡ ᠰᠠᠢᠬᠠᠨ ᠡᠨᠧᠷᠭᠢ ᠲᠡᠢ ᠡᠨᠡ ᠰᠠᠢᠬᠠᠨ ᠪᠤᠷᠬᠠᠨᠯᠢᠭ ᠭᠠᠵᠠᠷ ᠲᠥᠷᠥᠭᠰᠡᠨ ᠳ᠋ᠦ᠍ ᠪᠡᠨ ᠮᠣᠩᠭᠣᠯ ᠬᠥᠮᠦᠨ ᠦ᠌ ᠠᠮᠢᠨ ᠴᠢᠨᠠᠷ ᠪᠠᠢᠭ᠎ᠠ ᠪᠢᠯᠢᠤ
ᠮᠣᠩᠭᠣᠯ ᠬᠥᠮᠦᠨ ᠦ᠌ ᠠᠮᠢᠨ ᠴᠢᠨᠠᠷ ᠪᠣᠯ ᠭᠠᠯ ᠭᠡᠵᠦ ᠤᠬᠠᠭᠠᠷᠠᠵᠤ ᠪᠣᠯᠤᠨ᠎ᠠ ᠭᠠᠯ ᠪᠣᠯ ᠪᠢᠳᠡᠨ ᠲᠦᠯᠡᠭᠳᠡᠳᠡᠭ ᠨᠣᠴᠣᠳᠠᠭ ᠭᠠᠯ ᠤ᠋ᠨ ᠲᠤᠬᠠᠢ ᠪᠢ ᠶᠠᠷᠢᠭ᠎ᠠ ᠦᠭᠡᠢ ᠪᠠᠢᠨ᠎ᠠ ᠲᠡᠢᠮᠦ ᠡᠴᠡ ᠦᠨᠡᠨ ᠴᠢᠨᠠᠷ ᠲᠤ᠌ ᠪᠠᠨ ᠮᠣᠩᠭᠣᠯ ᠬᠥᠮᠦᠨ ᠦ᠌ ᠠᠮᠢᠨ ᠴᠢᠨᠠᠷ ᠪᠣᠯ ᠡᠨᠡ ᠣᠷᠣᠰᠢᠵᠤ ᠪᠠᠢᠭ᠎ᠠ ᠪᠠᠢᠭᠠᠯᠢ ᠡᠬᠡ ᠲᠡᠢ ᠪᠡᠨ ᠲᠡᠭᠦᠰ ᠵᠣᠬᠢᠴᠠᠭᠰᠠᠨ ᠵᠣᠬᠢᠴᠠᠯ ᠢ᠋ ᠥᠪᠡᠷᠲᠡᠭᠡᠨ ᠲᠡᠭᠡᠭᠡᠭᠰᠡᠨ ᠲᠡᠷᠡ ᠴᠢᠨᠠᠷ ᠯᠠ ᠠᠮᠢᠨ ᠴᠢᠨᠠᠷ ᠪᠠᠢᠬᠤ ᠶᠣᠰᠣᠲᠠᠢ ᠲᠡᠢᠮᠦ ᠤᠴᠢᠷ ᠠ᠋ᠴᠠ ᠡᠨᠡ ᠬᠣᠶᠠᠷ ᠤ᠋ᠨ ᠰᠢᠲᠦᠯᠴᠡᠭᠡᠨ ᠳ᠋ᠦ᠍ ᠯᠡ ᠮᠣᠩᠭᠣᠯ ᠬᠥᠮᠦᠨ ᠦ᠌ ᠠᠮᠢᠨ ᠴᠢᠨᠠᠷ ᠢ᠋ ᠬᠠᠢᠬᠤ ᠶᠣᠰᠣᠲᠠᠢ ᠭᠡᠰᠡᠨ ᠡᠢᠮᠦ ᠣᠢᠯᠠᠭᠠᠯᠲᠠ ᠪᠠᠢᠳᠠᠭ ᠰᠢᠳᠡ ᠨᠠᠳᠠ ᠮᠣᠩᠭᠣᠯ ᠬᠥᠮᠦᠨ ᠥᠪᠡᠷ ᠦ᠋ᠨ ᠢ᠋ᠶ᠋ᠡᠨ ᠡᠷᠳᠡᠨᠢᠲᠦ ᠬᠥᠮᠦᠨ ᠦ᠌ ᠲᠥᠷᠥᠯ ᠢ᠋ ᠴᠢᠩᠳᠠᠲᠠ ᠠᠷᠢᠭᠤᠨ ᠰᠠᠢᠬᠠᠨ ᠢ᠋ᠶ᠋ᠠᠷ ᠠᠪᠴᠤ ᠶᠠᠪᠤᠬᠤ ᠲᠡᠭᠡᠭᠡᠳ ᠳᠡᠭᠡᠳᠦ ᠶ᠋ᠢᠨ ᠨᠣᠮ ᠤ᠋ᠨ ᠤᠳᠬ᠎ᠠ ᠤᠴᠢᠷ ᠢ᠋ ᠲᠤᠩᠭᠠᠭᠠᠨ ᠰᠤᠷᠤᠯᠴᠠᠵᠤ ᠪᠣᠳᠣᠵᠤ ᠠᠵᠠ ᠵᠢᠷᠭᠠᠯ ᠲᠠᠢ ᠠᠮᠢᠳᠤᠷᠠᠬᠤ ᠶ᠋ᠢ ᠬᠡᠯᠡᠨ᠎ᠡ ᠳᠡ
ᠦᠰᠦᠭ ᠠᠮᠢᠯᠠᠭᠤᠯᠤᠭᠴᠢ᠄ ᠪᠠᠳᠠᠷᠠᠯᠲᠤ
ᠦᠰᠦᠭ ᠬᠠᠳᠠᠭᠴᠢ ᠬᠢᠨᠠᠭᠴᠢ᠄ ᠬᠠᠷᠬᠠᠲᠠᠨ ᠷ᠂ ᠴᠢᠷᠮᠠᠢᠯᠲᠤ
