ᠮᠣᠩᠭᠣᠯ ᠪᠦᠰᠡᠭᠦᠢ-ᠬᠠᠰᠠᠭᠤᠯᠠМонгол бүсгүй-Хасуул ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠪᠦᠰᠡᠭᠦᠢ-ᠬᠠᠰᠠᠭᠤᠯᠠМонгол бүсгүй-Хасуул

ᠮᠣᠩᠭᠣᠯ ᠪᠦᠰᠡᠭᠦᠢ-ᠬᠠᠰᠠᠭᠤᠯᠠМонгол бүсгүй-Хасуул

2024-03-08

421

ᠮᠣᠩᠭᠣᠯ ᠪᠦᠰᠡᠭᠦᠢ

     ᠬᠠᠰᠠᠭᠤᠯᠠ 

ᠳᠤᠷᠠᠯᠠᠯ ᠬᠠᠢᠷ᠎ᠠ ᠶ᠋ᠢᠨ ᠬᠠᠲᠤᠨ ᠪᠦᠰᠡᠭᠦᠢ 
ᠲᠥᠷᠥ ᠭᠦᠷᠦᠨ ᠦ᠌ ᠲᠤᠯᠭᠠᠭᠤᠷᠢ ᠪᠦᠰᠡᠭᠦᠢ 
ᠳᠡᠭᠵᠢᠷᠡᠬᠦ ᠦᠢᠯᠡᠰ ᠦ᠋ᠨ ᠵᠠᠮᠴᠢ ᠪᠦᠰᠡᠭᠦᠢ 
ᠲᠣᠭᠣᠨᠣᠲᠤ ᠭᠡᠷ ᠦ᠋ᠨ ᠡᠵᠡᠨ ᠪᠦᠰᠡᠭᠦᠢ 

ᠲᠠᠪᠤᠨ ᠮᠥᠰᠥ ᠶ᠋ᠢᠨ ᠰᠤᠷᠭᠠᠯᠲᠤ ᠪᠦᠰᠡᠭᠦᠢ 
ᠳᠡᠪᠡᠯ ᠢ᠋ᠶ᠋ᠡᠷ ᠢ᠋ᠶ᠋ᠡᠨ ᠭᠣᠶᠣᠳᠠᠭ ᠮᠣᠩᠭᠣᠯ ᠪᠦᠰᠡᠭᠦᠢ 
ᠳᠠᠶᠠᠭᠠᠷ ᠣᠯᠠᠨ ᠤ᠋ ᠳᠠᠭᠤᠷᠢᠶᠠᠯ ᠪᠦᠰᠡᠭᠦᠢ 
ᠳᠠᠶᠠᠩ ᠳ᠋ᠤ᠌ ᠰᠣᠳᠣᠨ ᠠᠯᠳᠠᠷᠠᠢ ᠪᠦᠰᠡᠭᠦᠢ 

ᠳᠤᠯᠠᠭᠠᠨ ᠭᠡᠷ ᠦ᠋ᠨ ᠨᠠᠷᠠᠨ ᠪᠦᠰᠡᠭᠦᠢ 
ᠲᠠᠪᠢᠯᠠᠩ ᠵᠠᠶᠠᠭᠠᠨ ᠤ᠋ ᠠᠮᠠᠷᠠᠭ ᠪᠦᠰᠡᠭᠦᠢ
ᠦᠷ᠎ᠡ ᠬᠡᠦᠬᠡᠳ ᠲᠡᠭᠡᠨ ᠡᠨᠡᠷᠢᠯᠲᠦ ᠪᠦᠰᠡᠭᠦᠢ
ᠥᠷᠥᠭᠡᠯ ᠦ᠋ᠨ ᠨᠢᠳᠦᠨ ᠳ᠋ᠦ᠍ ᠭᠤᠸ᠎ᠠ ᠪᠦᠰᠡᠭᠦᠢ

ᠲᠤᠤᠯᠢᠮ᠎ᠠ ᠬᠣᠷᠸ᠎ᠠ ᠶ᠋ᠢᠨ ᠭᠡᠷᠡᠯᠲᠦ ᠪᠦᠰᠡᠭᠦᠢ
ᠲᠡᠦᠬᠡ ᠱᠠᠰᠲᠢᠷ ᠲᠤ ᠮᠠᠭᠲᠠᠭᠠᠯᠲᠠᠢ ᠪᠦᠰᠡᠭᠦᠢ
ᠳᠤᠷᠠᠰᠤᠯ ᠮᠥᠷᠥᠭᠡᠳᠦᠯ ᠦ᠋ᠨ ᠤᠶᠠᠬᠠᠨ ᠪᠦᠰᠡᠭᠦᠢ 
ᠳᠠᠭᠤᠤ ᠤᠷᠠᠯᠢᠭ ᠤ᠋ᠨ ᠤᠶᠠᠩᠭᠠᠨ ᠪᠦᠰᠡᠭᠦᠢ

ᠠᠵᠠ ᠵᠢᠷᠭᠠᠯ ᠤ᠋ᠨ ᠠᠮᠢᠨ ᠰᠠᠬᠢᠶ᠎ᠠ
ᠠᠴᠢ ᠡᠨᠡᠷᠢᠯ ᠦ᠋ᠨ ᠮᠥᠩᠬᠡ ᠳᠥᠯᠥ
ᠤᠳᠤᠮᠲᠤ ᠮᠣᠩᠭᠣᠯ ᠤ᠋ᠨ ᠨᠠᠨᠳᠢᠨ ᠬᠡᠯᠬᠢᠶ᠎ᠡ
ᠣᠷᠣᠭᠰᠢ ᠲᠠᠪᠰᠢᠬᠤ ᠮᠥᠩᠬᠡ ᠶ᠋ᠢᠨ ᠭᠢᠯᠪᠠᠭ᠎ᠠ ᠮᠣᠩᠭᠣᠯ ᠪᠦᠰᠡᠭᠦᠢ

ᠵᠢᠷᠦᠬᠡᠨ ᠦ᠌ ᠮᠢᠨᠢ ᠲᠣᠯᠲᠣ ᠨᠠᠷᠠ ᠪᠣᠯᠤᠨ ᠭᠡᠷᠡᠯᠲᠦᠭᠰᠡᠨ
ᠵᠦᠩ ᠪᠡᠯᠭᠡ ᠶ᠋ᠢᠨ ᠬᠠᠢᠷ᠎ᠠ ᠶ᠋ᠢᠨ ᠰᠡᠳᠬᠢᠯ ᠬᠡᠯᠬᠢᠭᠰᠡᠨ
ᠡᠨᠡᠬᠡᠨ ᠽᠠᠮᠪᠤᠯᠢᠩ ᠤ᠋ᠨ ᠡᠨᠡᠷᠢᠯ ᠦ᠋ᠨ ᠲᠩᠷᠢ
ᠡᠮᠡᠭᠲᠡᠢᠴᠦᠳ ᠦ᠋ᠨ ᠪᠠᠶᠠᠷ ᠲᠤ ᠡᠷᠭᠦᠨ ᠳᠡᠪᠰᠢᠭᠦᠯᠦᠶ᠎ᠡ!

   ᠦᠰᠦᠭ ᠠᠮᠢᠯᠠᠭᠤᠯᠤᠭᠴᠢ᠄ ᠣᠳᠬᠠᠨᠰᠣ᠎ᠠ