ᠪᠦᠰᠡᠭᠦᠢ ᠵᠠᠶᠠᠭ᠎ᠠ ᠶ᠋ᠢ ᠬᠠᠢᠷᠠᠯᠠᠭᠠᠴᠢ- ᠬᠠᠯᠬ᠎ᠠ ᠰᠡᠴᠡᠩᠭᠤᠸ᠎ᠠБүсгүй заяаг хайрлаач-Халх сацангоо ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠰᠡᠭᠦᠢ ᠵᠠᠶᠠᠭ᠎ᠠ ᠶ᠋ᠢ ᠬᠠᠢᠷᠠᠯᠠᠭᠠᠴᠢ- ᠬᠠᠯᠬ᠎ᠠ ᠰᠡᠴᠡᠩᠭᠤᠸ᠎ᠠБүсгүй заяаг хайрлаач-Халх сацангоо

ᠪᠦᠰᠡᠭᠦᠢ ᠵᠠᠶᠠᠭ᠎ᠠ ᠶ᠋ᠢ ᠬᠠᠢᠷᠠᠯᠠᠭᠠᠴᠢ- ᠬᠠᠯᠬ᠎ᠠ ᠰᠡᠴᠡᠩᠭᠤᠸ᠎ᠠБүсгүй заяаг хайрлаач-Халх сацангоо

2024-03-08

318

ᠪᠦᠰᠡᠭᠦᠢ ᠵᠠᠶᠠᠭ᠎ᠠ ᠶ᠋ᠢ ᠬᠠᠢᠷᠠᠯᠠᠭᠠᠴᠢ

      ᠬᠠᠯᠬ᠎ᠠ ᠰᠡᠴᠡᠩᠭᠤᠸ᠎ᠠ 

ᠪᠥᠮᠪᠥᠷᠴᠡᠭ ᠳᠡᠯᠡᠬᠡᠢ ᠪᠡᠨ ᠬᠠᠢᠷᠠᠯᠠᠳᠠᠭ ᠰᠢᠭ᠋ ᠢ᠋ᠶ᠋ᠡᠨ 
ᠪᠦᠰᠡᠭᠦᠢ ᠬᠥᠮᠦᠨ ᠢ᠋ ᠬᠠᠢᠷᠠᠯᠠᠭᠠᠴᠢ 
ᠪᠦᠷᠬᠦᠭ ᠲᠩᠷᠢ ᠶ᠋ᠢ ᠴᠡᠯᠮᠡᠲᠡᠯ᠎ᠡ 
ᠪᠥᠮᠪᠥᠯᠢᠭ ᠵᠠᠳᠠᠯᠵᠤ ᠢᠨᠢᠶᠡᠳᠡᠭ 
ᠢᠨᠠᠭ ᠢᠯᠠᠮᠳᠠᠬᠠᠨ ᠮᠦᠰᠢᠶᠡᠳᠦ ᠶ᠋ᠢ ᠨᠢ ᠬᠠᠢᠷᠠᠯᠠᠭᠠᠴᠢ 
ᠬᠠᠨ ᠬᠣᠷᠸ᠎ᠠ ᠶ᠋ᠢᠨ ᠰᠤᠤ ᠤᠬᠠᠭᠠᠨ ᠰᠠᠨ 
ᠬᠠᠯᠠᠭᠤᠨ ᠪᠦᠯᠢ ᠶ᠋ᠢᠨ ᠴᠢᠨᠢ ᠬᠠᠭᠠᠰ ᠲᠤᠯᠭᠠᠭᠤᠷᠢ 
ᠬᠠᠷᠠᠬᠠᠨ ᠨᠢᠳᠦ ᠶ᠋ᠢ ᠨᠢ ᠲᠣᠭᠠᠯᠠᠵᠤ ᠬᠠᠢᠷᠠᠯᠠᠭᠠᠴᠢ 
ᠬᠠᠲᠠᠭᠤ ᠦᠭᠡ ᠳᠤᠲᠠᠭᠤ ᠰᠢᠳᠡᠭᠡᠴᠢ
ᠬᠠᠯᠠᠭᠤᠨ ᠴᠢᠰᠤ ᠨᠢ ᠬᠦᠷᠴᠢᠬᠡᠵᠦ ᠮᠡᠳᠡᠨ᠎ᠡ
ᠬᠠᠳᠠᠨ ᠤ᠋ ᠴᠡᠴᠡᠭ ᠰᠣᠷᠭᠣᠭ ᠎ᠴᠤ᠌  
ᠬᠠᠲᠠᠭᠤ ᠵᠢᠪᠠᠷ ᠲᠤ ᠪᠠᠨ ᠭᠤᠨᠳᠠᠨ᠎ᠠ
ᠬᠠᠭᠠᠴᠠᠯ ᠤ᠋ᠨ ᠭᠤᠨᠢᠭ ᠲᠠᠢ ᠬᠣᠷᠸ᠎ᠠ ᠶᠤᠮ ᠬᠣᠢᠨ᠎ᠠ
ᠬᠠᠨᠢ ᠢᠵᠢᠯᠢ ᠪᠡᠨ ᠠᠷᠭᠠᠳᠠᠵᠤ ᠡᠩᠬᠦᠷᠡᠢᠯᠡᠭᠴᠢ
ᠴᠡᠴᠡᠭ ᠳᠡᠷᠪᠡᠲᠡᠯ᠎ᠡ ᠴᠠᠯᠭᠢᠵᠤ ᠶᠠᠪᠤᠳᠠᠭ
ᠴᠡᠪᠡᠷ ᠵᠠᠯᠠᠭᠤ ᠨᠠᠰᠤ ᠶ᠋ᠢ ᠨᠢ ᠬᠠᠢᠷᠠᠯᠠᠭᠠᠴᠢ
ᠴᠢᠮ᠎ᠠ ᠳ᠋ᠤ᠌ ᠥᠭᠭᠦᠭᠰᠡᠨ ᠡᠴᠡ ᠪᠡᠨ ᠬᠠᠷᠢᠭᠤ ᠬᠦᠰᠡᠳᠡᠭ ᠦᠭᠡᠢ
ᠴᠠᠭᠠᠨ ᠪᠤᠭᠤᠷᠤᠯ ᠰᠠᠨᠴᠢᠭ ᠢ᠋ ᠨᠢ ᠢᠯᠪᠢᠵᠦ ᠬᠠᠢᠷᠠᠯᠠᠭᠠᠴᠢ
ᠬᠠᠯᠠᠮᠵᠢ ᠲᠠᠯᠠᠷᠬᠠᠯ ᠢ᠋ᠶ᠋ᠠᠨ ᠪᠤᠰᠤᠳ ᠲᠤ
ᠬᠠᠷᠠᠮ ᠦᠭᠡᠢ ᠥᠭᠴᠦ ᠶᠠᠪᠤᠬᠤ ᠳ᠋ᠤ᠌
ᠬᠠᠢᠷ᠎ᠠ ᠪᠠᠷ ᠣᠷᠣᠰᠢᠬᠤᠢ ᠬᠣᠷᠸ᠎ᠠ ᠠᠮᠤᠭᠤᠯᠠᠩ
ᠥᠭᠡᠯᠦᠨ ᠡᠬᠡ ᠶ᠋ᠢᠨ ᠴᠮᠴᠠᠨ ᠤ᠋
ᠰᠦ ᠲᠡᠢ ᠡᠩᠭᠡᠷ ᠦ᠋ᠨ ᠲᠠᠰᠤᠷᠬᠠᠢ ᠰᠠᠨ
ᠣᠢᠯᠠᠭᠠᠵᠤ ᠠᠭᠤᠴᠢᠯᠠᠵᠤ ᠬᠠᠢᠷᠠᠯᠠᠭᠠᠴᠢ
ᠪᠦᠰᠡᠭᠦᠢ ᠡᠮᠵᠡᠭᠬᠡᠨ ᠵᠠᠶᠠᠭ᠎ᠠ ᠶ᠋ᠢ᠁?

   ᠦᠰᠦᠭ ᠠᠮᠢᠯᠠᠭᠤᠯᠤᠭᠴᠢ᠄ ᠣᠳᠬᠠᠨᠰᠣ᠎ᠠ